ᠭᠠᠵᠠᠷ ᠰᠢᠷᠥᠢ ᠶᠢᠨ ᠡᠬᠢ ᠪᠠᠶᠠᠯᠢᠭ | ᠬᠠᠶᠢᠷᠤᠪ ᠤᠨ ᠲᠤᠬᠤᠢ ᠲᠤᠭᠤᠷᠢᠭ ᠤᠨ ᠶᠡᠷᠥᠩᠬᠡᠢ ᠲᠠᠯᠠᠪᠠᠢ ᠨᠢ 529 ᠲᠡᠭᠰᠢ ᠳᠦᠷᠪᠡᠯᠵᠢᠨ ᠺᠢᠯᠦᠮᠧᠲᠷ᠂ | ᠡᠭᠦᠨ ᠳᠤ ᠲᠠᠷᠢᠶᠠᠨ ᠭᠠᠵᠠᠷ ᠤᠨ ᠲᠠᠯᠠᠪᠠᠢ ᠨᠢ 2250 ᠡᠾᠧᠷᠲ᠋ᠠᠷ᠂ ᠤᠢ ᠰᠢᠭᠤᠢ ᠶᠢᠨ ᠲᠠᠯᠠᠪᠠᠢ ᠨᠢ 5607 .9 | ᠡᠾᠧᠺᠲ᠋ᠠᠷ ︵ᠨᠤᠴᠤᠭᠠᠨ᠎ᠠ ᠶᠢᠨ ᠤᠰᠤᠯᠠᠯᠲᠠ ᠤᠷᠤᠨ ᠢ ᠪᠠᠭᠲᠠᠭᠠᠨ᠎ᠠ︶᠂ ᠡᠪᠡᠰᠦ ᠪᠡᠯᠴᠡᠭᠡᠷ ᠤᠨ ᠲᠠᠯᠠᠪᠠᠢ ᠨᠢ 1. | 4 ᠲᠦᠮᠡᠨ ᠡᠾᠧᠺᠲ᠋ᠠᠷ᠂ ︵ᠡᠭᠦᠨ ᠳᠤ ᠬᠡᠷᠡᠭᠡᠯᠵᠦ ᠪᠤᠯᠬᠤ ᠲᠠᠯᠠᠪᠠᠢ ᠨᠢ 1.2 ᠲᠦᠮᠡᠨ ᠡᠾᠧᠺᠲ᠋ᠠᠷ︶᠂ | ᠪᠠᠶᠢᠭᠤᠯᠵᠦ ᠳᠠᠭᠤᠰᠤᠭᠰᠡᠨ ᠲᠠᠯᠠᠪᠠᠢ ᠨᠢ 18 ᠲᠡᠭᠰᠢ ᠳᠦᠷᠪᠡᠯᠵᠢᠨ ᠺᠢᠯᠤᠮᠧᠲᠷ᠃ | ᠠᠭᠤᠷᠬᠠᠢ ᠶᠢᠨ ᠡᠬᠢ ᠪᠠᠶᠠᠯᠢᠭ | ᠬᠠᠶᠢᠷᠤᠪ ᠤᠨ ᠲᠤᠬᠤᠢ ᠲᠤᠭᠤᠷᠢᠭ ᠤᠨ ᠬᠢᠯᠢ ᠳᠤᠲᠤᠷ᠎ᠠ ᠡᠯᠪᠡᠭ ᠳᠡᠯᠪᠡᠭ ᠠᠭᠤᠷᠬᠠᠢ ᠶᠢᠨ ᠡᠬᠢ ᠪᠠᠶᠠᠯᠢᠭ | ᠡᠭᠤᠯᠤᠭᠳᠠᠵᠦ ᠪᠠᠶᠢᠨ᠎ᠠ᠃ ᠨᠢᠭᠡᠨᠲᠡ ᠬᠠᠶᠢᠨ ᠢᠯᠡᠷᠡᠭᠦᠯᠦᠭᠰᠡᠨ ᠪᠦᠭᠡᠳ ᠮᠠᠯᠲᠠᠵᠦ ᠪᠣᠯᠬᠤ ᠦᠷᠳᠡᠭ ᠲᠠᠢ ᠠᠭᠤᠷᠬᠠᠢ | ᠶᠢᠨ ᠭᠠᠷᠤᠯᠲᠠ ᠳᠤᠲᠤᠷ᠎ᠠ ᠡᠨᠧᠷᠬᠢ ᠶᠢᠨ ᠲᠦᠯᠡᠰᠢ᠂ ᠬᠢᠮᠢ ᠶᠢᠨ ᠦᠢᠯᠡᠳᠪᠦᠷᠢ᠂ ᠪᠠᠷᠢᠯᠭ᠎ᠠ ᠶᠢᠨ ᠮᠠᠲ᠋ᠧᠷᠢᠶᠠᠯ ᠳᠤ | ᠬᠡᠷᠡᠭᠰᠡᠬᠦ ᠶᠡᠷᠤᠩᠬᠡᠶᠢᠯᠡᠭᠰᠡᠨ ᠴᠢᠨᠠᠷ ᠲᠠᠢ ᠢᠵᠢ ᠪᠦᠷᠢᠳᠦᠭᠦᠯᠦᠭᠰᠡᠨ ᠠᠭᠤᠷᠬᠠᠢ ᠶᠢᠨ ᠡᠬᠢ ᠪᠠᠶᠠᠯᠢᠭ 37 ᠵᠤᠶᠢᠯ | ᠪᠠᠶᠢᠵᠦ᠂ ᠨᠢᠭᠡᠨᠲᠡ ᠲᠤᠳᠥᠯᠠᠭᠰᠠᠨ ᠬᠦᠳᠡᠷ ᠤᠨ ᠬᠡᠪᠳᠡᠰᠢ᠂ ᠬᠦᠳᠡᠷᠵᠢᠬᠦ ᠴᠡᠭ 100 ᠢᠯᠡᠭᠦᠦ ᠭᠠᠵᠠᠷ ᠪᠠᠶᠢᠵᠦ᠂ | ᠨᠢᠭᠡᠨ ᠪᠦᠲᠦᠭᠡᠨ ᠪᠠᠶᠢᠭᠤᠯᠵᠦ ᠨᠡᠬᠡᠬᠡᠨ ᠠᠰᠢᠭᠯᠠᠵᠦ ᠪᠤᠯᠬᠤ ᠦᠷᠳᠡᠭ ᠲᠠᠢ ᠠᠵᠦ ᠠᠬᠤᠢ ᠶᠢᠨ ᠡᠷᠳᠡᠨᠢ ᠶᠢᠨ ᠭᠠᠵᠠᠷ | ᠃ ᠡᠭᠦᠨ ᠳᠤ ᠭᠤᠤᠯ ᠪᠤᠯᠬᠤ ᠠᠭᠤᠷᠬᠠᠢ ᠶᠢᠨ ᠡᠬᠢ ᠪᠠᠶᠠᠯᠢᠭ ᠳᠤ ᠨᠡᠭᠦᠷᠡᠰᠦ᠂ ᠴᠤᠬᠤᠢ ᠶᠢᠨ ᠴᠢᠯᠠᠭᠤᠯᠢᠭ᠂ | ᠴᠠᠬᠢᠭᠤᠷ ᠴᠢᠯᠠᠭᠤ᠂ ᠭᠤᠤᠯᠢᠩ ᠴᠢᠯᠠᠭᠤ᠂ ᠡᠯ᠎ᠡ ᠵᠦᠢᠯ ᠤᠨ ᠨᠠᠩᠬᠢ ᠰᠢᠷᠤᠢ᠂ ᠳᠠᠷᠠᠭᠠᠯᠠᠪᠡᠯ᠂ ᠲᠡᠮᠦᠷᠯᠢᠭ ᠤᠨ | ᠠᠭᠤᠷᠬᠠᠢ 10 ᠭᠠᠷᠤᠢ ᠵᠦᠢᠯ᠃ ᠨᠡᠭᠦᠷᠡᠰᠦ ᠶᠢᠨ ᠪᠠᠲᠦᠯᠠᠭ᠎ᠠ ᠲᠠᠢ ᠬᠠᠳᠠᠭᠠᠯᠠᠭᠳᠡᠴᠠ10.4 ᠳ᠋ᠦᠩᠰᠢᠭᠤᠷ ᠲᠤᠨ᠂ | ᠪᠦᠬᠦ ᠬᠤᠲᠡ ᠶᠢᠨ ᠶᠡᠷᠤᠩᠬᠡᠢ ᠬᠠᠳᠠᠭᠠᠯᠠᠭᠳᠡᠴᠠ ᠶᠢᠨ ᠭᠤᠷᠪᠡᠨ ᠤ ᠨᠢᠭᠡ ᠶᠢ ᠡᠵᠡᠯᠡᠵᠦ᠂ ᠠᠷᠤ ᠭᠠᠵᠠᠷ ᠤᠨ | ᠨᠡᠭᠦᠷᠡᠰᠦᠨ ᠬᠤᠲᠡ ᠭᠡᠰᠡᠨ ᠰᠠᠶᠢᠬᠠᠨ ᠴᠤᠯᠠ ᠲᠠᠢ᠃ ᠴᠤᠬᠤᠢ ᠶᠢᠨ ᠴᠢᠯᠠᠭᠤᠯᠢᠭ ᠤᠨ ᠠᠯᠤᠰ ᠤᠨ | ᠬᠠᠳᠠᠭᠠᠯᠠᠭᠳᠠᠴᠠ 40 ᠳ᠋ᠦᠩᠰᠢᠭᠤᠷ ᠲᠤᠨ ᠠᠴᠠ ᠳᠡᠭᠡᠭᠰᠢ ᠪᠠᠶᠢᠵᠦ᠂ ᠺᠠᠯᠼ ᠶᠢᠨ ᠢᠰᠦᠯ ᠤᠨ ᠠᠭᠤᠯᠤᠭᠳᠠᠴᠠ | ᠦᠨᠳᠤᠷ᠂ ᠬᠤᠯᠢᠴᠠ ᠪᠠᠭ᠎ᠠ︔ ᠨᠠᠩᠬᠢ ᠰᠢᠷᠤᠢ ᠶᠢᠨ ᠬᠠᠳᠠᠭᠠᠯᠠᠭᠳᠠᠴᠠ 50 ᠳ᠋ᠤᠩᠰᠢᠭᠤᠷ ᠲᠤᠨ ᠠᠴᠠ ᠳᠡᠭᠡᠭᠰᠢ | ᠪᠠᠶᠢᠵᠦ᠂ ᠡᠭᠦᠨ ᠠᠴᠠ ᠭᠠᠳᠠᠨ᠎ᠠ ᠪᠠᠰᠠ ᠬᠢᠯᠠᠭᠠᠷ ᠨᠤᠭᠤᠭᠠᠨ ᠴᠢᠯᠠᠭᠤᠯᠢᠭ᠂ ᠦᠨᠴᠤᠭ᠍ᠳᠤ ᠭᠢᠯᠪᠠᠭᠠᠨ ᠴᠢᠯᠠᠭᠤ᠂ | ᠳᠡᠯᠡᠬᠡᠢ ᠶᠢᠨ ᠬᠤᠪᠤᠷ ᠴᠤᠬᠠᠭ ᠴᠢᠰᠤᠨ ᠤᠯᠠᠭᠠᠨ ᠭᠠᠨᠳᠢᠭ ᠴᠢᠯᠠᠭᠤ ᠵᠡᠷᠭᠡ ᠪᠠᠶᠢᠨ᠎ᠠ᠃ | ᠤᠰᠤᠨ ᠤ ᠡᠬᠢ ᠪᠠᠶᠠᠯᠢᠭ | ᠬᠠᠲᠤᠨ ᠭᠤᠤᠯ ᠪᠤᠯ ᠬᠠᠶᠢᠷᠤᠪ ᠤᠨ ᠲᠤᠬᠤᠢ ᠲᠤᠭᠤᠷᠢᠭ ᠤᠨ ᠠᠵᠦ ᠦᠢᠯᠡᠳᠪᠦᠷᠢ᠂ ᠲᠠᠷᠢᠶᠠᠯᠠᠩ ᠤᠨ | ᠬᠡᠷᠡᠭᠯᠡᠬᠦ ᠤᠰᠤᠨ ᠤ ᠭᠤᠤᠯ ᠢᠷᠡᠯᠲᠡ᠂ ᠬᠠᠲᠤᠨ ᠭᠤᠤᠯ ᠪᠦᠬᠦ ᠬᠢᠵᠠᠭᠠᠷ ᠢᠶᠠᠷ ᠤᠷᠤᠰᠤᠨ ᠦᠩᠭᠡᠷᠡᠵᠦ᠂ ᠵᠢᠯ ᠤᠨ | ᠳᠤᠮᠳᠠᠴᠢ ᠤᠷᠤᠰᠬᠠᠯ ᠤᠨ ᠬᠡᠮᠵᠢᠶ᠎ᠡ ᠨᠢ 321 ᠳ᠋ᠦᠩᠰᠢᠭᠤᠷ ᠺᠦᠪ ᠮᠧᠲᠷ ᠲᠤ ᠬᠦᠷᠴᠦ᠂ ᠵᠢᠯ ᠤᠨ ᠬᠠᠮᠤᠭ ᠶᠡᠭᠡ | ᠤᠷᠤᠰᠬᠠᠯ ᠤᠨ ᠬᠡᠮᠵᠢᠶ᠎ᠡ ᠨᠢ 556 ᠳ᠋ᠦᠩᠰᠢᠭᠤᠷ ᠺᠦᠪ ᠮᠧᠲᠷ ᠲᠤ ᠬᠦᠷᠴᠦ᠂ ᠲᠤᠰ ᠭᠠᠵᠠᠷ ᠤᠷᠤᠨ ᠤ ᠠᠵᠦ | ᠦᠢᠯᠡᠳᠪᠦᠷᠢ᠂ ᠲᠠᠷᠢᠶᠠᠯᠠᠩ ᠤᠨ ᠬᠦᠭᠵᠢᠯᠲᠡ᠂ ᠠᠷᠠᠳ ᠤᠨ ᠠᠮᠢᠳᠤᠷᠠᠯ ᠤᠨ ᠬᠡᠷᠡᠭᠯᠡᠭᠡᠨ ᠤ ᠤᠰᠤ ᠵᠡᠷᠭᠡ ᠳᠤ | ᠨᠠᠶᠢᠳᠠᠪᠦᠷᠢᠲᠠᠢ ᠪᠠᠲᠤᠯᠠᠭ᠎ᠠ ᠶᠢ ᠬᠠᠩᠭᠠᠵᠠᠢ᠃ | ᠠᠮᠢᠳᠤ ᠪᠤᠳᠠᠰ ᠤᠨ ᠡᠬᠢ ᠪᠠᠶᠠᠯᠢᠭ | ᠬᠠᠶᠢᠷᠤᠪ ᠤᠨ ᠲᠤᠬᠤᠢ ᠲᠤᠭᠤᠷᠢᠭ ᠤᠨ ᠬᠢᠯᠢ ᠳᠤᠲᠤᠷ᠎ᠠ ᠡᠯᠪᠡᠭ ᠪᠠᠶᠠᠯᠢᠭ ᠠᠭᠤᠷᠬᠠᠢ ᠶᠢᠨ ᠡᠬᠢ ᠪᠠᠶᠠᠯᠢᠭ | ᠪᠤᠯᠤᠨ ᠤᠰᠤᠨ ᠤ ᠡᠬᠢ ᠪᠠᠶᠠᠯᠢᠭ ᠠᠴᠠ ᠭᠠᠳᠠᠨ᠎ᠠ ᠪᠠᠰᠠ ᠨᠡᠯᠢᠶᠡᠳ ᠡᠯᠪᠡᠭ ᠪᠠᠶᠠᠯᠢᠭ ᠠᠮᠢᠳᠤ ᠪᠤᠳᠠᠰ ᠤᠨ ᠡᠬᠢ | ᠪᠠᠶᠠᠯᠢᠭ ᠲᠠᠷᠬᠠᠵᠦ ᠪᠠᠶᠢᠨ᠎ᠠ᠃ ᠨᠢᠭᠡᠨᠲᠡ ᠬᠠᠶᠢᠨ ᠲᠤᠳᠤᠯᠠᠭᠰᠡᠨ ᠵᠡᠷᠯᠢᠭ ᠤᠷᠭᠤᠮᠡᠯ 69 ᠢᠵᠠᠭᠤᠷ᠂ 181 ᠵᠦᠢᠯ | ᠂ 297 ᠲᠦᠷᠦᠯ᠂ ᠡᠭᠦᠨ ᠤ ᠳᠤᠲᠤᠷ᠎ᠠ ᠲᠡᠵᠢᠭᠡᠯ ᠤᠨ ᠤᠷᠭᠤᠮᠡᠯ 93 ᠵᠦᠢᠯ᠂ ᠡᠮᠳᠤ ᠤᠷᠭᠤᠮᠡᠯ 30 ᠭᠠᠷᠦᠢ | ᠵᠦᠢᠯ ᠪᠦᠭᠡᠳ ᠤᠯᠤᠰ ᠤᠨ ᠭᠤᠤᠯᠳᠠᠯᠭ᠎ᠠ ᠲᠠᠢ ᠬᠠᠮᠠᠭᠠᠯᠠᠯᠲᠠ ᠳᠤ ᠪᠠᠶᠢᠭ᠎ᠠ ᠬᠤᠪᠤᠷ ᠴᠤᠬᠠᠭ ᠬᠡᠬᠡᠷ᠎ᠡ ᠶᠢᠨ | ᠤᠷᠭᠤᠮᠡᠯ᠄ ᠮᠦᠩᠬᠡ ᠬᠠᠷᠭᠠᠨ᠎ᠠ᠂ ᠤᠯᠠᠭᠠᠨ ᠪᠤᠶᠢᠯᠠᠰᠦ᠂ ᠨᠤᠴᠤᠭᠠᠨ᠎ᠠ᠂ ᠪᠦᠨᠳᠤᠭᠦᠷ ᠪᠤᠲᠠ ᠴᠡᠴᠡᠭ᠂ ᠮᠢᠨᠳᠠᠰᠦᠨ | ᠦᠷᠭᠡᠰᠦ ︵ᠬᠤᠶᠢᠷᠠᠭ︶ ᠵᠡᠷᠭᠡ ᠪᠠᠶᠢᠵᠦ᠂ ᠡᠭᠦᠨ ᠳᠤ ᠨᠤᠴᠤᠭᠠᠨ᠎ᠠ ᠪᠤᠯ ᠢᠮᠠᠭᠠᠨ ᠵᠠᠩᠭᠤᠤ ᠶᠢᠨ ᠲᠦᠷᠦᠯ ᠵᠦᠢᠯ | ᠤᠨ ᠤᠷᠭᠤᠮᠡᠯ ᠳᠤ ᠪᠠᠭᠲᠠᠭᠠᠵᠦ᠂ ᠲᠤᠯᠤᠭᠠᠨ ᠮᠢᠩᠭᠠᠨ ᠵᠢᠯ ᠤᠨ ᠡᠮᠦᠨᠡᠬᠢ ᠭᠤᠷᠪᠠᠳᠠᠭᠴᠢ ᠭᠠᠯᠪᠠ ᠶᠢᠨ ᠦᠯᠡᠳᠡᠭᠳᠡᠯ | ᠤᠷᠭᠤᠮᠡᠯ᠂ ᠳᠡᠯᠡᠬᠡᠢ ᠳᠡᠭᠡᠷᠡᠬᠢ ᠤᠨᠴᠠ ᠲᠦᠷᠦᠯ ᠳᠦᠷᠰᠦ ᠤᠷᠭᠤᠮᠠᠯ ᠤᠨ 190 ᠵᠦᠢᠯ ᠨᠢ ᠮᠠᠨ ᠤ ᠤᠯᠤᠰ ᠲᠤ | ᠲᠠᠷᠬᠠᠵᠦ᠂ ᠳᠠᠷᠤᠢ ᠵᠤᠰᠤᠳᠤ ᠶᠢᠨ ᠠᠭᠤᠯᠠ ᠶᠢᠨ ᠤᠷᠤᠨ ᠳᠤ ᠬᠤᠪᠤᠷ ᠴᠤᠬᠠᠭ ᠤᠷᠭᠤᠮᠡᠯ ᠲᠠᠷᠬᠠᠵᠦ ᠂ ᠨᠡᠯᠢᠶᠡᠳ | ᠴᠢᠬᠤᠯᠠ ᠰᠢᠨᠵᠢᠯᠡᠬᠦ ᠤᠬᠠᠭᠠᠨ ᠤ ᠰᠤᠳᠤᠯᠤᠯ ᠤᠨ ᠦᠨ᠎ᠡ ᠦᠷᠳᠡᠭ ᠲᠠᠢ᠃ |