ᠲᠡᠭᠷᠢ ᠠᠭᠤᠯᠠ ᠶᠢᠨ ᠰᠠᠩ
ᠨᠡᠶᠢᠲᠡᠯᠡᠭᠰᠡᠨ ᠴᠠᠭ᠄
2018-12-24
     ᠠᠭᠠᠷ ᠨᠤᠮ ᠤᠨ ᠪᠡᠶ᠎ᠡ ᠳᠤᠷ ᠨᠠᠰᠤᠳᠠᠳᠠᠨ ᠪᠦᠵᠢᠭᠯᠡᠨ      ᠠᠷᠭ᠎ᠠ ᠮᠡᠷᠭᠡᠨ ᠲᠦᠷᠢ ᠪᠠᠷ ᠡᠯᠳᠡᠪ ᠶᠧᠯᠸᠢ ᠶᠢᠨ ᠪᠡᠶᠡᠳᠤ      ᠠᠤᠭ᠎ᠠ ᠰᠠᠨᠠᠯ ᠶᠠᠮᠪᠠᠷᠴᠢᠯᠠᠨ ᠦᠵᠡᠭᠦᠯᠤᠨ ᠵᠤᠬᠢᠶᠠᠬᠴᠢ      ᠠᠩᠬ᠎ᠠ ᠪᠠ ᠦᠨᠳᠤᠰᠤᠨ ᠤ ᠯᠠᠮᠠ ᠨᠠᠷ ᠢ ᠤᠷᠢᠮᠤ᠃      ᠠᠮᠤᠷᠯᠢᠩᠭᠤᠢ ᠲᠤᠬᠰᠢᠨ ᠡᠷᠳᠡᠮ ᠢᠯᠭᠤᠬᠰᠠᠨ ᠨᠦᠭᠦᠳ ᠪᠠ      ᠠᠭᠤᠤ ᠬᠦᠴᠤᠨ ᠲᠠᠬᠢᠨᠢᠰ ᠤᠳ ᠰᠠᠬᠢᠭᠤᠯᠰᠤᠨ ᠴᠤᠬᠯᠠᠭᠠᠨ      ᠠᠮᠢ ᠪᠡᠶ᠎ᠡ ᠶᠢᠨ ᠵᠠᠶᠠᠭᠠᠨ ᠤ ᠡᠵᠡᠳ ᠲᠡᠭᠷᠢ ᠰᠡᠯᠳᠡ ᠶᠢ      ᠠᠯᠠᠭ᠎ᠠ ᠬᠠᠪᠰᠤᠷᠭᠠᠨ ᠵᠠᠯᠠᠪᠠᠰᠤ ᠠᠳᠡ ᠪᠠᠳᠤ ᠤᠷᠤᠰᠢᠪᠠᠢ᠃      ᠠᠯᠳᠠᠷ ᠶᠡᠭᠡ ᠲᠡᠭᠷᠢ ᠠᠭᠤᠯᠠ ᠬᠡᠮᠡᠨ ᠲᠠᠭᠤᠷᠢᠰᠤᠬᠰᠠᠨ ᠤ      ᠠᠰᠬ᠎ᠠ ᠶᠡᠭᠡ ᠬᠠᠳᠠᠳᠤ ᠡᠳᠤᠷ ᠰᠦᠨᠢ ᠡᠵᠡᠳ ᠲᠤ      ᠠᠤᠭ᠎ᠠ ᠶᠡᠭᠡ ᠬᠦᠴᠦᠨ ᠲᠡᠭᠦᠰ ᠲᠠ ᠨᠠᠷ ᠪᠢᠳᠠᠨ ᠢ ᠲᠡᠳᠭᠦᠭᠦ      ᠠᠨᠳᠠ ᠶᠡᠭᠡ ᠱᠠᠪᠳᠠᠭ ᠤᠳ ᠠᠳᠡ ᠢᠷᠡᠨ ᠰᠠᠭᠤᠮᠤ      ᠠᠷᠴᠠ ᠠᠬᠢ ᠬᠠᠷ᠎ᠠ ᠳ᠋ᠠᠯᠢ ᠤᠯᠠᠭᠠᠨ ᠴᠠᠭᠠᠨ ᠽᠠᠨᠳᠠᠨ᠎ᠠ      ᠠᠭᠠᠷᠤ ᠬᠢᠭᠡᠳ ᠬᠦᠷᠭᠦᠮ ᠵᠡᠷᠭᠡ ᠦᠨᠤᠷᠳᠡᠨ ᠢ ᠬᠤᠯᠢᠭᠠᠳ      ᠠᠰᠠᠭᠠᠵᠤ ᠤᠩᠰᠠᠭᠠᠬᠰᠠᠨ ᠤᠳᠤᠭᠠᠨ ᠤ ᠡᠭᠦᠯᠡᠰ      ᠢᠷᠪᠢᠰ ᠲᠠᠷᠨᠢ ᠶᠢᠨ ᠴᠢᠳᠠᠯ ᠬᠦᠴᠤᠨ ᠢᠶᠠᠷ ᠠᠷᠢᠭᠤᠳᠬᠠᠨ ᠠᠳᠢᠰᠯᠠᠨ      ᠠᠶᠠᠯᠭᠤ ᠪᠠ ᠬᠦᠭᠵᠢᠮ ᠴᠡᠩᠭᠡᠯ ᠦᠪᠡᠷᠡᠳᠤᠨ᠎ᠡ ᠡᠳ᠋ᠯᠡᠯ ᠢ      ᠠᠰᠤᠷᠤᠳᠠ ᠡᠷᠳᠡᠨᠢ ᠪᠠ ᠨᠠᠢᠮᠠᠨ ᠲᠠᠬᠢᠯ ᠨᠤᠭᠤᠳ ᠢ      ᠠᠶ᠎ᠠ ᠬᠤᠴᠤᠷᠤᠯ ᠦᠭᠡᠶᠢᠬᠦᠶ᠎ᠡ ᠲᠠᠨ ᠢ ᠲᠠᠬᠢᠨ ᠡᠷᠭᠦᠨᠡᠮ      ᠠᠭᠤᠤ ᠰᠠᠮᠳᠠᠪᠠᠳᠠᠷ ᠲᠠᠬᠢᠯ ᠲᠠᠭᠠᠯᠠᠵᠤ ᠠᠪᠤᠮᠤ᠃      ᠠᠵᠢᠨᠠᠢ ᠬᠦᠯᠦᠭ ᠬᠤᠨᠢ ᠢᠮᠠᠭ᠎ᠠ ᠲᠡᠮᠡᠭᠡ ᠦᠭᠡᠷ ᠮᠠᠯ ᠤᠳ ᠪᠠ      ᠠᠷᠰᠯᠠᠨ ᠪᠠᠷᠰ ᠴᠢᠨ᠋ᠸ᠎ᠠ ᠦᠳᠡᠭᠡ ᠠᠷᠢᠶᠠᠳᠠᠨ ᠤ ᠵᠦᠢᠯᠡᠰ ᠤᠳ      ᠠᠭᠠᠷ ᠪᠠᠷᠢᠨ ᠨᠢᠰᠴᠦ ᠬᠠᠯᠢᠬᠤ ᠤᠯᠠᠨ ᠵᠦᠢᠯ ᠤᠨ ᠰᠢᠪᠠᠭᠤᠳ      ᠠᠰᠢᠳᠠ ᠪᠠᠷ ᠪᠠᠶᠠᠰᠬᠠᠬᠤ ᠡᠷᠭᠦᠪᠡᠰᠤ ᠬᠤᠷᠢᠶᠠᠮᠤ᠃      ᠠᠮᠢ ᠪᠡᠶ᠎ᠡ ᠶᠢ ᠬᠠᠮᠠᠭᠠᠯᠠᠬᠤ ᠸᠴᠢᠷ ᠪᠠᠬᠢ ᠬᠤᠶᠠᠭ ᠤᠳ      ᠠᠳᠠᠭᠠᠳᠠᠨ ᠢ ᠲᠠᠷᠤᠩᠭᠤᠶᠢᠯᠠᠬᠤ ᠬᠤᠷᠴᠨ ᠢᠷᠳᠤ ᠮᠡᠰᠨ ᠨᠦᠭᠦᠳ      ᠠᠶᠤᠩᠭ᠎ᠠ ᠪᠠ ᠰᠠᠯᠬᠢ ᠶᠢᠨ ᠷᠢᠳᠢ ᠬᠦᠴᠦᠳᠤ ᠬᠦᠯᠦᠭ ᠤᠳ ᠢ      ᠠᠭᠤᠤ ᠶᠡᠭᠡ ᠲᠠ ᠨᠠᠷ ᠢ ᠬᠠᠩᠭᠠᠬᠤ ᠪᠠᠷ ᠡᠷᠭᠦᠮᠤ᠃      ᠠᠪᠤᠷᠠᠯᠳᠤ ᠭᠤᠷᠪᠠᠨ ᠴᠤᠬᠠᠭ ᠢ ᠬᠦᠨᠳᠦᠯᠡᠭᠡᠳ ᠲᠠᠬᠢᠮᠤ᠃      ᠠᠮᠢᠳᠠᠨ ᠢ ᠡᠨᠡᠷᠢᠵᠤ ᠦᠭᠯᠢᠭᠡ ᠪᠤᠶᠠᠨ ᠡᠷᠭᠦᠭᠡᠳ      ᠠᠷᠢᠭᠤᠨ ᠴᠠᠭᠠᠨ ᠰᠠᠶᠢᠨ ᠤ ᠦᠢᠯᠡᠰ ᠢ ᠭᠠᠩᠭ᠎ᠠ ᠮᠦᠷᠡᠨ ᠠᠳᠠᠯᠢ      ᠠᠶ᠎ᠠ ᠰᠠᠨᠰᠠᠷ ᠡᠴᠦᠰ ᠪᠤᠯᠳᠠᠯ᠎ᠠ ᠲᠡᠯᠭᠡᠷᠡᠭᠦᠯᠤᠨ ᠵᠤᠬᠢᠶ᠎ᠠ᠃      ᠠᠶᠤᠮᠰᠢᠬᠳᠤ ᠲᠠᠨ ᠢ ᠢᠳᠡᠭᠡᠭᠰᠡᠨ ᠪᠢᠳᠡ ᠨᠠᠷ ᠢ      ᠠᠯᠭᠠᠰᠠᠬᠤ ᠦᠭᠡᠢ ᠪᠠᠷ ᠡᠳᠤᠷ ᠰᠦᠨᠢ ᠰᠠᠬᠢᠭᠠᠳ      ᠠᠳᠠᠯ ᠭᠡᠷ ᠲᠡᠭᠡᠨ ᠰᠠᠭᠤᠬᠤ ᠪᠠ ᠶᠠᠪᠤᠬᠤᠢ ᠳᠤ ᠵᠠᠯᠭᠠᠭ᠎ᠠ      ᠠᠪᠤᠷᠠᠵᠤ ᠲᠡᠳᠭᠦᠭᠦᠶ᠎ᠡ ᠶᠡᠷᠤ ᠪᠢᠳᠡᠭᠡᠢ ᠤᠰᠤᠯᠳᠠ᠃      ᠠᠶᠤᠯ ᠦᠭᠡᠢ ᠤᠷᠳᠤ ᠨᠠᠰᠤᠨ ᠦᠯᠤ ᠪᠠᠷᠠᠬᠤ ᠮᠦᠩᠭᠡ ᠰᠠᠩ      ᠠᠶᠢᠮᠠᠭ ᠢᠵᠠᠭᠤᠷ ᠵᠠᠯᠭᠠᠮᠵᠢᠯᠭᠬᠤ ᠦᠷ᠎ᠡ ᠠᠴᠢ ᠲᠡᠯᠭᠡᠷᠡᠭᠡᠳ      ᠠᠷᠢᠭᠤᠨ ᠪᠤᠶᠠᠨ ᠴᠠᠭᠠᠨ ᠭᠬᠢᠪ ᠢᠶᠠᠷ ᠲᠠᠯᠠᠯᠤᠭᠰᠠᠨ ᠬᠡᠰᠢᠭ ᠤᠨ      ᠠᠶ᠎ᠠ ᠲᠤᠩᠭᠠᠯᠠᠭ ᠨᠠᠭᠤᠷ ᠤᠰᠤᠨ᠎ᠠ ᠭᠠᠯᠠᠭᠤ ᠮᠡᠳᠤ ᠬᠤᠷᠠᠭᠤᠯ᠃      ᠠᠯᠢᠪᠠ ᠬᠦᠮᠤᠨ ᠡᠪᠡᠳᠴᠢᠨ ᠦᠭᠡᠢ ᠤᠷᠳᠤ ᠡᠷᠡᠭᠦᠯ      ᠠᠳᠠᠯ ᠮᠠᠯ ᠬᠡᠵᠢᠶ᠎ᠡ ᠴᠦ ᠭᠠᠮᠰᠢᠭ ᠦᠭᠡᠢ ᠠᠷᠪᠢᠳᠤᠭᠠᠳ      ᠠᠪᠤᠷᠢᠳᠠ ᠦᠯᠵᠡᠢ ᠪᠡᠯᠭᠡ ᠶᠢᠨ ᠬᠡᠰᠢᠭ ᠴᠤᠭ ᠤᠨ ᠤᠴᠠᠷᠠᠯ ᠢ      ᠠᠳᠢᠰᠯᠠᠵᠤ ᠲᠡᠯᠡᠭᠡᠢ ᠶᠢᠨ ᠭᠠᠵᠠᠷ ᠤᠷᠤᠨ ᠶᠡᠷᠦ ᠬᠢᠭᠡᠳ ᠢᠯᠭᠠᠷᠢᠳᠤ      ᠠᠷᠬᠠᠭ ᠬᠢᠵᠢᠭ ᠬᠡᠷᠡᠭᠦᠯ ᠵᠠᠷᠭᠤ ᠪᠦᠭᠦᠳᠡᠭᠡᠷ ᠤᠰᠠᠳᠤᠨ      ᠷᠠᠰᠢᠶᠠᠨ ᠬᠤᠷ᠎ᠠ ᠲᠡᠭᠰᠢ ᠪᠠᠭᠤᠨ ᠦᠷᠡᠰ ᠲᠠᠷᠢᠶ᠎ᠠ ᠰᠠᠶᠢᠵᠢᠷᠠᠭᠠᠳ      ᠠᠶᠢᠮᠠᠭ ᠤᠯᠠᠨ ᠤ ᠰᠡᠳᠬᠢᠯ ᠵᠤᠬᠢᠴᠠᠨ ᠡᠨᠡᠷᠢᠯ ᠬᠠᠶᠢᠷᠠᠳᠠᠢ ᠪᠤᠯᠳᠤᠭᠠᠢ᠃      ᠠᠮᠤᠭᠤᠯᠠᠩ ᠤᠨ ᠰᠠᠭᠤᠷᠢ ᠪᠤᠯᠬᠤ ᠱᠠᠰᠢᠨ ᠨᠤᠮ ᠤᠨ ᠦᠢᠯᠡᠰ ᠤᠳ      ᠠᠰᠢᠳᠠ ᠪᠠᠷ ᠦᠷᠡᠵᠢᠨ ᠲᠡᠯᠭᠡᠷᠡᠭᠦ ᠲᠠᠷᠥᠶᠢᠳᠠᠨ      ᠠᠮᠤᠷ ᠵᠢᠷᠭᠠᠯ ᠦᠯᠵᠡᠢ ᠮᠡᠨᠳᠤ ᠶᠢᠨ ᠪᠠᠶᠠᠷ ᠬᠤᠷᠢᠮ ᠲᠦᠭᠡᠭᠡᠭᠳᠡᠨ      ᠠᠮᠢᠨ ᠪᠦᠭᠦᠨ ᠢᠶᠠᠷ ᠴᠡᠩᠭᠡᠯᠳᠤᠭᠦ ᠶᠢᠨ ᠬᠡᠰᠢᠭ ᠪᠠᠶᠠᠷ ᠰᠤᠶᠤᠷᠬ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号