ᠴᠠᠢ ᠤᠤᠭᠤᠬᠤ ᠶᠢᠨ ᠠᠳᠡᠭᠦᠷᠡᠯ
ᠨᠡᠶᠢᠲᠡᠯᠡᠭᠰᠡᠨ ᠴᠠᠭ᠄
2018-12-06
    ᠡᠯ᠎ᠡ ᠲᠦᠷᠦᠯ ᠤᠨ ᠴᠠᠢ ᠶᠢ ᠪᠤᠴᠠᠯᠤᠭᠰᠠᠨ ᠤᠰᠦ ᠪᠠᠷ ᠪᠦᠷᠢᠬᠦ ᠭᠡᠰᠡᠨ ᠶᠠᠪᠤᠳᠠᠯ ᠪᠢᠰᠢ᠃ ᠶᠡᠷᠦᠳᠡᠭᠡᠨ ᠬᠠᠷ᠎ᠠ ᠴᠠᠢ᠂ ᠤᠯᠠᠭᠠᠨ ᠴᠠᠢ᠂ ᠡᠤ ᠯᠦᠩ ᠴᠠᠢ ᠶᠢ ᠪᠤᠴᠠᠯᠤᠭᠰᠠᠨ ᠤᠰᠤ ᠪᠠᠷ ᠪᠦᠷᠢᠪᠡᠯ᠂ ᠴᠠᠢ ᠶᠢᠨ ᠦᠨᠦᠷ ᠨᠢ  ᠤᠯᠠᠮ ᠠᠩᠬᠢᠯᠤᠮ᠎ᠠ ᠪᠤᠯᠤᠨ᠎ᠠ᠃      ᠬᠠᠷᠢᠨ ᠨᠤᠭᠤᠭᠠᠨ ᠴᠠᠢ ᠨᠢ ᠬᠠᠷᠢᠴᠠᠩᠭᠤᠢ ᠨᠢᠯᠬ᠎ᠠ ᠨᠠᠪᠴᠢ ᠲᠠᠢ ᠪᠠᠶᠢᠵᠦ᠂ ᠪᠤᠴᠠᠯᠤᠭᠰᠠᠨ ᠤᠰᠦ ᠪᠠᠷ ᠪᠦᠷᠢᠪᠡᠯ ᠲᠡᠭᠦᠨ ᠳᠤ ᠠᠭᠤᠯᠤᠭᠳᠠᠬᠤ ᠤᠯᠠᠨ ᠹᠧᠨᠤᠯ ᠤᠨ ᠲᠦᠷᠦᠯ ᠤᠨ ᠪᠤᠳᠠᠰ ᠨᠢ ᠡᠪᠳᠡᠭᠳᠡᠵᠦ᠂ ᠴᠠᠢ ᠨᠢ ᠰᠢᠷᠠᠪᠳᠤᠷ ᠪᠤᠯᠬᠤ ᠪᠠᠷ ᠪᠠᠷᠠᠬᠤ ᠦᠭᠡᠢ᠂ ᠠᠩᠬᠢᠯᠤᠮ᠎ᠠ ᠦᠨᠦᠷ ᠨᠢ ᠰᠠᠷᠨᠢᠨ᠎ᠠ᠃ ᠨᠤᠭᠤᠭᠠᠨ ᠴᠠᠢ ᠶᠢ 80℃ -  85℃᠎ ᠤᠨ ᠤᠰᠤ ᠪᠠᠷ 2 - 3 ᠮᠢᠨᠦ᠋ᠲ ᠪᠦᠷᠢᠪᠡᠯ ᠬᠠᠮᠤᠭ ᠤᠨ ᠰᠠᠶᠢᠨ ᠪᠠᠶᠢᠳᠠᠭ᠃
 
ᠢᠷᠡᠯᠲᠡ᠄ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号