︽40 ᠨᠠᠰᠤᠨ ᠠᠴᠠ ᠡᠮᠦᠨ᠎ᠠ ᠠᠮᠢ ᠪᠠᠷ ᠢᠶᠠᠨ ᠵᠤᠭᠤᠰ ᠮᠦᠩᠭᠦ ᠰᠤᠯᠢᠵᠤ᠂ 40 ᠨᠠᠰᠤᠨ ᠠᠴᠠ ᠰᠡᠭᠦᠯᠡᠷ | ᠵᠤᠭᠤᠰ ᠢᠶᠠᠷ ᠠᠮᠢ ᠨᠠᠰᠤ ᠪᠠᠨ ᠬᠠᠮᠠᠭᠠᠯᠠᠬᠤ︾ ᠪᠤᠯᠤᠭᠰᠠᠨ ᠨᠢ ᠤᠳᠤ ᠶᠢᠨ ᠴᠠᠭᠠᠨ ᠵᠠᠭᠠᠮᠠᠲᠠᠨ ᠤ ᠪᠤᠳᠠᠳᠦ | ᠪᠠᠶᠢᠳᠠᠯ ᠤᠨ ᠵᠢᠷᠤᠭᠯᠠᠯ ᠪᠤᠯᠵᠠᠢ᠃ ︽2016 ᠤᠨ ᠤ ᠲᠤᠮᠳᠠᠳᠦ ᠤᠯᠤᠰ ᠤᠨ ᠢᠨᠲ᠋ᠧᠷᠨᠧᠲ ᠤᠨ ᠠᠵᠤ | ᠠᠬᠤᠢᠢᠯᠠᠯ ᠤᠨ ᠠᠵᠢᠯᠲᠠᠨ ᠤ ᠨᠦᠢᠷ ᠤᠨ ᠮᠡᠳᠡᠭᠦᠯᠦᠯᠳᠡ︾ ᠶᠢ ᠦᠨᠳᠦᠰᠦᠯᠡᠪᠡᠯ᠂ 80% ᠠᠴᠠ ᠳᠡᠭᠡᠭᠰᠢᠬᠢ | ᠢᠨᠲ᠋ᠧᠷᠨᠧᠲ ᠤᠨ ᠠᠵᠢᠯᠲᠠᠨ ᠤ ᠨᠦᠢᠷ ᠤᠨ ᠴᠢᠨᠠᠷ ᠨᠢ 80 ᠬᠤᠪᠢ ᠠᠴᠠ ᠲᠤᠷᠤᠭᠰᠢ ᠪᠦᠬᠡᠳ 3 ᠬᠤᠪᠢ ᠶᠢᠨ | ᠠᠵᠢᠯᠲᠠᠨ ᠤ ᠨᠦᠢᠷ ᠤᠨ ᠴᠢᠨᠠᠷ ᠤᠨ ᠤᠯᠤᠭᠰᠠᠨ ᠬᠤᠪᠢ ᠨᠢ ᠤᠨᠴᠠ ᠲᠤᠤᠷ᠎ᠠ᠂ 7 ᠬᠤᠪᠢ ᠶᠢᠨ ᠠᠵᠢᠯᠲᠠᠨ ᠴᠠᠭ | ᠨᠡᠮᠡᠵᠤ ᠠᠵᠢᠯᠯᠠᠭᠰᠠᠨ ᠦᠩᠭᠡᠷᠡᠯᠳᠡ ᠲᠠᠢ᠂ 4 ᠬᠤᠪᠢ ᠶᠢᠨ ᠠᠵᠢᠯᠲᠠᠨ ᠤ ᠠᠵᠢᠯ ᠤᠨ ᠲᠠᠷᠤᠭᠠᠰᠤ ᠨᠦᠢᠷ ᠤᠨ ᠬᠢᠨ | ᠴᠢᠨᠠᠷ ᠢ ᠨᠦᠯᠦᠭᠡᠯᠡᠳᠡᠭ ᠬᠡᠪᠡ᠃ ︽ᠠᠵᠢᠯ ᠲᠠᠢ ᠪᠤᠯᠪᠠᠴᠤ ᠠᠮᠢᠳᠤᠷᠠᠯ ᠦᠭᠡᠢ︾ ᠨᠢ ᠤᠳᠤᠬᠢ ᠨᠡᠶᠢᠭᠡᠮ ᠤᠨ | ᠨᠡᠶᠢᠳᠡᠮ ᠦᠵᠡᠭᠳᠡᠯ ᠪᠤᠯᠤᠭᠰᠠᠨ ᠪᠠᠶᠢᠨ᠎ᠠ᠃ | ᠲᠤᠮᠳᠠᠳᠦ ᠤᠯᠤᠰ ᠤᠨ ᠡᠮᠴᠢ ᠶᠢᠨ ᠨᠡᠶᠢᠭᠡᠮᠯᠢᠭ ᠵᠡᠷᠭᠡ ᠪᠠᠶᠢᠭᠤᠯᠤᠮᠵᠢ ᠶᠢᠨ ᠬᠤᠯᠪᠤᠭᠠᠯᠠᠵᠤ ᠨᠡᠶᠢᠳᠡᠯᠡᠭᠰᠡᠨ | 2010 ᠤᠨ ᠤ ︽ᠲᠤᠮᠳᠠᠳᠦ ᠤᠯᠤᠰ ᠤᠨ ᠬᠤᠳᠠ ᠶᠢᠨ ᠴᠠᠭᠠᠨ ᠵᠠᠭᠠᠮᠠᠳᠠᠨ ᠤ ᠡᠷᠡᠭᠦᠯ ᠡᠩᠭᠡ ᠶᠢᠨ ᠴᠠᠭᠠᠨ | ᠭᠠᠳᠠᠷᠲᠤ ᠪᠢᠴᠢᠭ︾ ᠲᠤ ᠢᠯᠡᠷᠡᠭᠦᠯᠦᠭᠰᠡᠨ ᠢᠶᠠᠷ᠂ 76% ᠶᠢᠨ ᠴᠠᠭᠠᠨ ᠵᠠᠭᠠᠮᠠᠲᠠᠨ ᠪᠡᠶ᠎ᠠ ᠪᠠᠷᠤᠭᠳᠠᠶᠢᠬᠠᠨ | ᠪᠠᠶᠢᠳᠠᠯ ᠳᠤ ᠤᠷᠤᠰᠢᠵᠤ᠂ ᠪᠡᠭᠡᠵᠢᠩ᠂ ᠱᠠᠩᠬᠠᠢ ᠵᠡᠷᠭᠡ ᠬᠤᠳᠠ ᠶᠢᠨ 6 ᠬᠤᠪᠢ ᠶᠢᠨ ᠴᠠᠭᠠᠨ ᠵᠠᠭᠠᠮᠠᠲᠠᠨ ︽ | ᠵᠦᠳᠡᠷᠡᠵᠦ︾ ᠪᠠᠶᠢᠬᠤ ᠢᠯᠡᠷᠡᠯ ᠲᠠᠢ᠄ ᠪᠡᠶ᠎ᠠ ᠮᠠᠬᠠᠪᠤᠳ ᠨᠢ ᠠᠨᠠᠢ᠂ 24 ᠴᠠᠭ ᠢᠶᠠᠷ ᠵᠠᠷᠯᠢᠭ ᠬᠦᠯᠢᠶᠡᠬᠦ᠂ | ᠭᠠᠷᠠᠭ ᠤᠨ ᠡᠳᠦᠷ ᠲᠡᠭᠡᠨ ᠠᠮᠠᠷᠠᠯᠳᠠ ᠦᠭᠡᠢ᠂ ᠠᠯᠪᠠᠨ ᠭᠡᠷ ᠲᠤ ᠬᠤᠨᠤᠬᠤ ᠵᠡᠷᠭᠡ ᠪᠠᠶᠢᠳᠠᠯ ᠬᠦᠨᠳᠦ ᠨᠤᠴᠢᠲᠠᠢ | ᠤᠷᠤᠰᠢᠵᠤ ᠪᠤᠢ᠃ ᠨᠧᠲ ᠢᠶᠠᠷ ︽ᠦᠨᠳᠦᠷ ᠴᠠᠯᠢᠩ ᠲᠠᠢ ᠠᠵᠢᠯ ᠪᠠ ᠪᠡᠶ᠎ᠠ ᠮᠠᠬᠠᠪᠤᠳ ᠤᠨ ᠡᠷᠡᠭᠦᠯ ᠮᠡᠨᠳᠦ | ᠵᠦᠷᠢᠴᠡᠯ ᠭᠠᠷᠬᠤ ᠦᠶᠡᠰ᠂ ᠲᠠ ᠠᠯᠢ ᠶᠢ ᠨᠢ ᠰᠤᠩᠭᠤᠬᠤ ᠪᠤᠢ︖︾ ᠬᠡᠰᠡᠨ ᠪᠠᠶᠢᠴᠠᠭᠠᠯᠳᠠ ᠳᠠᠮᠵᠢᠭᠳᠠᠵᠤ | ᠪᠠᠶᠢᠯ᠎ᠠ᠃ ᠪᠠᠶᠢᠴᠠᠭᠠᠯᠳᠠ ᠶᠢᠨ ᠳ᠋ᠦᠡᠭ ᠳᠤ 71% ᠶᠢᠨ ᠬᠦᠮᠦᠰ ᠡᠷᠡᠭᠦᠯ ᠮᠡᠨᠳᠦ ᠪᠠᠨ ᠤᠮᠳᠤᠭᠠᠢᠢᠯᠠᠵᠦ᠂ ᠦᠨᠳᠦᠷ | ᠴᠠᠯᠢᠩ ᠲᠠᠢ ᠠᠵᠢᠯ ᠢ ᠰᠤᠩᠭᠤᠨ᠎ᠠ ᠬᠡᠵᠤ ᠢᠯᠡᠷᠬᠡᠶᠢᠯᠡᠪᠡ᠂ ᠲᠡᠷᠡᠴᠢᠯᠡᠨ 52% ᠤᠨ ᠬᠦᠮᠦᠰ ᠠᠷᠪᠠᠨ ᠵᠢᠯ ᠤᠨ | ᠠᠮᠢ ᠨᠠᠰᠤ ᠪᠠᠷ ᠢᠶᠠᠨ 500 ᠲᠦᠮᠡᠨ ᠲᠦᠭᠦᠷᠢᠭ ᠰᠤᠯᠢᠬᠤ ᠲᠤᠷᠠᠲᠠᠢ ᠬᠡᠵᠤ ᠢᠯᠡᠳᠬᠡᠵᠡᠢ᠃ | ᠦᠨᠡᠨᠳᠡᠭᠡᠨ ︽ᠶᠠᠳᠠᠷᠠᠬᠤ︾ ᠠᠴᠠ ︽ᠶᠠᠳᠠᠷᠡᠭᠠᠳ ᠡᠪᠡᠳᠴᠢᠯᠡᠬᠦ︾ ᠬᠦᠷᠳᠡᠯ᠎ᠠ ᠲᠠᠪᠤᠨ ᠠᠯᠬᠤᠮ ᠯᠡ | ᠵᠠᠶᠢᠲᠠᠢ᠄ ᠨᠢᠭᠡᠳᠦᠭᠡᠷ ᠠᠯᠬᠤᠮ᠂ ᠰᠦᠷ ᠰᠦᠯᠳᠡ ᠦᠭᠡᠢ ᠪᠤᠯᠬᠤ᠃ ᠬᠤᠶᠠᠳᠤᠭᠠᠷ ᠠᠯᠬᠤᠮ᠂ ᠲᠤᠯᠤᠭᠠᠢ | ᠲᠦᠷᠦᠭᠦᠦ ᠲᠦᠢᠷᠡᠬᠦ᠃ ᠭᠤᠷᠪᠠᠳᠤᠭᠠᠷ ᠠᠯᠬᠤᠮ᠂ ᠪᠦᠬᠦ ᠪᠡᠶ᠎ᠠ ᠱᠠᠷᠬᠢᠷᠠᠵᠤ ᠡᠪᠡᠳᠬᠦ᠃ ᠲᠦᠷᠪᠡᠳᠦᠭᠡᠷ ᠠᠯᠬᠤᠮ᠂ | ᠡᠪᠡᠳᠴᠢᠨ ᠳᠤ ᠡᠬᠢᠯᠡᠨ ᠨᠡᠷᠪᠡᠭᠳᠡᠬᠦ᠃ ᠲᠠᠪᠤᠳᠤᠭᠠᠷ ᠠᠯᠬᠤᠮ᠂ ᠦᠮᠠᠨ ᠤ ᠲᠠᠯᠳᠠ ᠬᠡᠮ ᠨᠢᠭᠤᠭᠳᠠᠬᠤ᠃ | ︽ᠶᠠᠳᠠᠷᠡᠭᠠᠳ ᠡᠪᠡᠳᠴᠢᠯᠡᠬᠦ︾ ᠶᠢᠨ ᠭᠤᠤᠯ ᠰᠢᠯᠳᠠᠭᠠᠨ ᠨᠢ᠄ ᠵᠢᠷᠦᠬᠡᠨ ᠤ ᠲᠢᠳᠢᠮ ᠰᠤᠳᠠᠯ ᠤᠨ | ᠡᠪᠡᠳᠴᠢᠨ ᠂ ᠭᠤᠤᠯ ᠰᠤᠳᠠᠯ ᠤᠨ ᠬᠠᠪᠤᠳᠠᠷ᠂ ᠵᠢᠷᠦᠬᠡᠨ ᠬᠠᠪᠬᠠᠯᠠᠭ᠎ᠠ ᠶᠢᠨ ᠡᠪᠡᠳᠴᠢᠨ᠂ ᠵᠢᠷᠦᠬᠡᠨ ᠪᠤᠯᠴᠢᠩ ᠤᠨ | ᠡᠪᠡᠳᠴᠢᠨ ᠳᠤ ᠨᠡᠷᠪᠡᠭᠳᠡᠬᠦ ᠪᠤᠶᠤ ᠲᠡᠷᠢᠬᠢᠨ ᠳᠤ ᠴᠢᠰᠤ ᠬᠠᠷᠪᠤᠬᠰᠠᠨ ᠠᠴᠠ ᠪᠤᠯᠵᠡᠢ᠃ ᠠᠨᠠᠭᠠᠬᠤ ᠤᠬᠠᠭᠠᠨ ᠤ | ᠰᠤᠳᠤᠯᠤᠯ ᠢ ᠦᠨᠳᠦᠰᠦᠯᠡᠪᠡᠯ᠂ ᠡᠳᠡᠭᠡᠷ ᠡᠪᠡᠳᠴᠢᠨ ᠨᠢ ᠪᠦᠷ ᠰᠡᠳᠬᠢᠯ ᠤᠨ ᠲᠠᠷᠤᠭᠠᠰᠤ ᠲᠠᠢ ᠬᠤᠯᠪᠤᠭᠳᠠᠯ ᠲᠠᠢ᠃ | ᠠᠮᠢ ᠲᠡᠮᠡᠴᠡᠨ ᠠᠵᠢᠯᠯᠠᠪᠠᠯ ᠵᠤᠭᠤᠰ ᠮᠦᠩᠭᠦ᠂ ᠪᠠᠶᠢᠷᠢ ᠰᠠᠭᠤᠷᠢ ᠪᠠ ᠠᠮᠵᠢᠯᠳᠠ ᠶᠢᠨ ᠮᠡᠳᠡᠷᠡᠮᠵᠢ ᠤᠯᠬᠤ ᠪᠤᠯᠪᠠᠴᠤ | ᠪᠡᠶ᠎ᠠ ᠮᠠᠬᠠᠪᠤᠳ ᠤᠨ ᠡᠷᠡᠭᠦᠯ ᠮᠡᠨᠳᠦ ᠪᠤᠯᠤᠨ ᠠᠮᠢᠳᠤᠷᠠᠯ ᠢᠶᠠᠨ ᠦᠷᠡᠭᠳᠡᠭᠦᠯᠵᠦ ᠪᠠᠶᠢᠳᠠᠭ᠂ ᠵᠤᠭᠤᠰ ᠮᠦᠩᠭᠦ ᠤᠯᠬᠤ | ᠶᠠᠪᠤᠴᠠ ᠳᠤ ᠲᠡᠳᠡᠭᠡᠷ ᠦᠯᠦ ᠮᠡᠳᠡᠭᠳᠡᠮ᠎ᠡ ᠶᠢᠨ ᠳᠤᠮᠳᠠᠭᠤᠷ ᠠᠯᠳᠠᠵᠤ ᠶᠠᠪᠤᠭᠤᠯᠤᠭᠰᠠᠨ ᠵᠦᠢᠯ ᠢ ᠬᠡᠵᠢᠶ᠎ᠡ ᠴᠤ | ᠲᠠᠬᠢᠨ ᠡᠷᠬᠢᠭᠦᠯᠵᠤ ᠠᠪᠴᠢᠷᠠᠵᠤ ᠲᠡᠶᠢᠯᠬᠦ ᠦᠭᠡᠢ ᠪᠤᠯᠬᠤᠷ ᠪᠢᠳᠡ ᠰᠡᠷᠭᠡᠢ ᠮᠡᠳᠡᠷᠡᠵᠦ᠂ ᠡᠷᠡᠭᠦᠯ ᠮᠡᠨᠳᠦ ᠪᠠᠨ | ᠲᠦᠷᠦᠭᠦᠨ ᠳᠤ ᠲᠠᠯᠪᠢᠶ᠎ᠠ᠃ |