ᠤᠭ ᠰᠠᠨᠠᠭ᠎ᠠ ᠪᠠᠨ ᠦᠯᠦ ᠮᠠᠷᠲᠠᠵᠤ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠤᠶᠢᠯᠡᠳᠤᠯᠭᠡ ᠪᠠᠨ ᠵᠢᠯᠣᠭᠤᠳᠤᠭᠤᠯᠵᠤ ᠠᠵᠢᠯ ᠢᠶᠠᠨ ᠠᠬᠢᠭᠤᠯᠬᠤ ᠴᠢᠳᠠᠪᠤᠷᠢ ᠶᠢ ᠴᠢᠷᠮᠠᠶᠢᠨ ᠳᠡᠭᠡᠭᠰᠢᠯᠡᠭᠦᠯᠬᠦ ᠬᠡᠷᠡᠭᠲᠡᠢ
ᠨᠡᠶᠢᠲᠡᠯᠡᠭᠰᠡᠨ ᠴᠠᠭ᠄
2019-10-24
     ︽ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ ᠰᠢᠢᠤᠡᠪᠤᠷᠢᠳᠤ ᠢᠯᠠᠯᠲᠠ ᠶᠢ ᠣᠯᠬᠤ ᠵᠠᠩᠭᠢᠯᠠᠭ᠎ᠠ ᠶᠢᠨ ᠵᠢᠯ ᠳᠤ᠂ ᠪᠦᠬᠦ ᠨᠠᠮ ᠤᠨ ᠬᠡᠪᠴᠢᠶᠡᠨ ᠳᠤ ︿ᠤᠭ ᠰᠠᠨᠠᠭ᠎ᠠ ᠪᠠᠨ ᠦᠯᠦ ᠮᠠᠷᠲᠠᠵᠤ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ﹀ ᠭᠤᠤᠯ ᠰᠡᠳᠦᠪᠲᠦ ᠬᠥᠮᠦᠵᠢᠯ ᠢ ᠥᠷᠨᠢᠭᠦᠯᠬᠦ ᠪᠣᠯ ᠨᠠᠮ ᠤᠨ ᠲᠥᠪ ᠬᠤᠷᠢᠶ᠎ᠠ ᠠᠴᠠ ᠠᠭᠤᠣ ᠶᠡᠭᠡ ᠲᠡᠮᠡᠴᠡᠯ᠂ ᠠᠭᠤᠤ ᠶᠡᠭᠡ ᠢᠨᠵᠧᠨᠧᠷᠢᠩ᠂ ᠠᠭᠤᠤ ᠶᠡᠭᠡ ᠤᠶᠢᠯᠡᠰ᠂ ᠠᠭᠤᠤ ᠶᠡᠭᠡ ᠬᠦᠰᠡᠯ ᠵᠡᠭᠦᠳᠦ ᠶᠢ ᠶᠡᠷᠦᠩᠬᠡᠶᠢᠯᠡᠨ ᠡᠵᠡᠮᠳᠡᠬᠦ ᠴᠢᠬᠤᠯᠠ ᠶᠡᠭᠡ ᠪᠠᠶᠢᠷᠢᠯᠠᠭᠤᠯᠤᠯᠲᠠ ᠪᠣᠯᠤᠨ᠎ᠠ᠂ ︿ᠲᠠᠪᠤ ᠶᠢ ᠨᠢᠭᠡ ᠴᠣᠭᠴᠠᠵᠢᠭᠤᠯᠬᠤ﹀ ᠶᠡᠷᠦᠩᠬᠡᠶ ᠪᠠᠶᠢᠷᠢᠰᠢᠭᠤᠯᠤᠯᠲᠠ ᠶᠢ ᠨᠢᠭᠡᠳᠦᠯᠲᠡᠶ ᠳᠤ ᠲᠥᠯᠥᠪᠵᠢᠭᠦᠯᠦᠨ ᠠᠬᠢᠭᠤᠯᠬᠤ᠂ ︿ᠳᠥᠷᠪᠡᠨ ᠪᠦᠬᠦ ᠲᠠᠯ᠎ᠠ﹀᠎ ᠶᠢᠨ ᠪᠠᠶᠢᠯᠳᠤᠬᠤ ᠪᠣᠳᠣᠯᠭ᠎ᠠ ᠶᠢᠨ ᠪᠠᠶᠢᠷᠢᠰᠢᠭᠤᠯᠤᠯᠲᠠ ᠶᠢ ᠵᠣᠬᠢᠴᠠᠭᠤᠯᠤᠨ ᠠᠬᠢᠭᠤᠯᠬᠤ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ ᠰᠢᠢᠤᠡᠪᠤᠷᠢᠳᠤ ᠢᠯᠠᠯᠲᠠ ᠶᠢ ᠣᠯᠬᠤ᠂ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠠᠭᠤᠤ ᠶᠡᠭᠡ ᠢᠯᠠᠯᠲᠠ ᠶᠢ ᠲᠡᠮᠡᠴᠡᠨ ᠣᠯᠬᠤ᠂ ᠳᠤᠮᠳᠠᠳᠤ ᠵᠢᠨ‌ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢᠨ ᠳᠤᠮᠳᠠᠳᠤ ᠶᠢᠨ ᠵᠡᠭᠦᠳᠦ ᠶᠢ ᠲᠡᠷᠭᠡᠯᠰᠢᠭᠦᠯᠬᠦ ᠳᠤ ᠴᠢᠬᠤᠯᠠ ᠶᠡᠭᠡ ᠪᠥᠭᠡᠳ ᠠᠯᠤᠰ ᠬᠡᠲᠦ ᠶᠢᠨ ᠠᠴᠢ ᠬᠤᠯᠪᠣᠭᠳᠠᠯ ᠲᠠᠢ ᠶᠤᠮ᠃︾ ᠭᠡᠵᠤ ᠬᠠᠶᠢᠷᠤᠪ ᠎ ᠤᠨ ᠲᠤᠬᠤᠢ ᠲᠤᠭᠤᠷᠢᠭ ᠤᠨ ᠨᠠᠮ ᠤᠨ ᠬᠤᠷᠢᠶᠠᠨ ᠤ ᠱᠦᠵᠢ ᠵᠢᠶᠠ ᠴᠢᠩ ᠳ᠋ᠦᠩ ᠰᠤᠷᠪᠤᠯᠵᠢᠯᠠᠭᠴᠢ ᠳᠤ ᠶᠠᠷᠢᠭᠰᠠᠨ ᠪᠠᠶᠢᠨ᠎ᠠ᠃      ︽ᠬᠤᠶᠠᠷ ᠢ ᠬᠠᠮᠠᠭᠠᠯᠠᠬᠤ︾᠎ ᠶᠢᠨ ᠰᠢᠳᠤᠷᠭᠤ ᠬᠠᠮᠠᠭᠠᠯᠠᠭᠴᠢ ᠪᠣᠯᠬᠤ ᠬᠡᠷᠡᠭᠲᠡᠶ ᠭᠡᠵᠦ ᠬᠡᠯᠡᠪᠡ᠃ ︽ᠬᠤᠶᠠᠷ ᠢ ᠬᠠᠮᠠᠭᠠᠯᠠᠬᠤ︾᠎ ᠶᠢ ᠪᠡᠶᠡᠯᠡᠭᠦᠯᠬᠦ ᠪᠣᠯ ᠮᠠᠨ ᠤ ᠨᠠᠮ ᠤᠨ ᠬᠠᠮᠤᠭ ᠤᠨ ᠦᠨᠳᠦᠰᠦᠨ ᠤᠯᠤᠰ ᠲᠥᠷᠥ ᠶᠢᠨ ᠰᠠᠬᠢᠯᠭ᠎ᠠ ᠪᠠᠲᠤ ᠪᠠ ᠤᠯᠤᠰ ᠲᠥᠷᠥ ᠶᠢᠨ ᠶᠣᠰᠣ ᠳᠦᠷᠢᠮ ᠮᠥᠨ᠂ ᠡᠪ ᠬᠠᠮᠲᠤ ᠶᠢᠨ ᠤᠭ ᠰᠠᠨᠠᠭ᠎ᠠ ᠡᠭᠦᠷᠭᠡ ᠬᠠᠷᠢᠭᠤᠴᠠᠯᠭ᠎ᠠ ᠪᠠᠨ ᠤᠶᠢᠯᠡᠳᠤᠯᠭᠡᠵᠢᠭᠦᠯᠬᠦ ᠶᠢᠨ ᠲᠡᠷᠢᠭᠦᠨ ᠴᠢᠬᠤᠯᠠ ᠤᠯᠤᠰ ᠲᠥᠷᠥ ᠶᠢᠨ ᠱᠠᠭᠠᠷᠳᠠᠯᠭ᠎ᠠ ᠮᠥᠨ᠂ ᠲᠡᠷᠢᠭᠦᠨ ᠴᠢᠬᠤᠯᠠ ᠤᠷᠢᠲᠠᠯ ᠨᠢ ᠨᠠᠮ ᠳᠤ ᠲᠤᠶᠢᠯ ᠤᠨ ᠦᠨᠡᠨᠴᠢ ᠰᠢᠳᠤᠷᠭᠤ ᠪᠠᠶᠢᠬᠤ ᠶᠠᠪᠤᠳᠠᠯ ᠪᠣᠯᠤᠨ᠎ᠠ᠃ ᠨᠠᠮ ᠳᠠᠭᠠᠨ ᠬᠠᠷᠢᠴᠠᠯᠠᠰᠢ ᠦᠭᠡᠢ ᠦᠨᠡᠨᠴᠢ ᠰᠢᠳᠤᠷᠭᠤ ᠪᠠᠶᠢᠬᠤ ᠳᠤ ᠡᠷᠬᠡᠪᠰᠢ ᠤᠯᠤᠰ ᠲᠥᠷᠦ ᠶᠢᠨ ᠴᠢᠭᠯᠡᠯ ᠢ ᠣᠨᠣᠪᠴᠢᠲᠠᠶ ᠡᠵᠡᠮᠳᠡᠵᠦ᠂ ︽ᠳᠥᠷᠪᠡᠨ ᠤᠬᠠᠮᠰᠠᠷ︾᠎ ᠢ ᠪᠠᠲᠤ ᠪᠣᠶ ᠪᠣᠯᠭᠠᠵᠤ᠂ ︽ᠳᠥᠷᠪᠡᠨ ᠢᠲᠡᠭᠡᠯ︾᠎ ᠢᠶᠠᠨ ᠪᠠᠲᠤᠳᠬᠠᠵᠤ᠂ ︽ᠬᠤᠶᠠᠷ ᠢ ᠬᠠᠮᠠᠭᠠᠯᠠᠬᠤ︾᠎ ᠶᠢ ᠪᠡᠶᠡᠯᠡᠭᠦᠯᠵᠦ᠂ ᠴᠠᠭ ᠢᠮᠠᠭᠲᠠ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ᠂ ᠨᠠᠮ ᠤᠨ ᠦᠨᠳᠦᠰᠦᠨ ᠲᠥᠷᠦ ᠶᠢᠨ ᠪᠣᠳᠣᠯᠭ᠎ᠠ᠂ ᠨᠠᠮ ᠤᠨ ᠲᠥᠪ ᠬᠤᠷᠢᠶᠠᠨ ᠤ ᠡᠯ᠎ᠡ ᠵᠤᠶᠢᠯ ᠤᠨ ᠰᠢᠢᠤᠡᠪᠤᠷᠢᠳᠤ ᠪᠣᠳᠣᠯᠭ᠎ᠠ ᠪᠠᠢᠷᠢᠯᠠᠭᠤᠯᠤᠯᠲᠠ ᠲᠠᠢ ᠬᠠᠷᠢᠴᠠᠭᠤᠯᠤᠨ ᠬᠠᠷᠭᠤᠭᠤᠯᠵᠤ᠂ ᠢᠮᠠᠭᠲᠠ ᠰᠢ ᠶᠢᠨ ᠫᠢᠩ ᠨᠥᠬᠦᠷ ᠢᠶᠠᠷ ᠭᠤᠤᠯ ᠪᠣᠯᠭᠠᠭᠰᠠᠨ ᠨᠠᠮ ᠤᠨ ᠲᠥᠪ ᠬᠤᠷᠢᠶ᠎ᠠ ᠲᠠᠢ ᠳᠡᠭᠡᠳᠤ ᠬᠡᠮᠵᠢᠶ᠎ᠡ ᠪᠠᠷ ᠨᠢᠭᠡᠳᠦᠯᠲᠡᠶ ᠳᠤ ᠪᠠᠶᠢᠬᠤ ᠬᠡᠷᠡᠭᠲᠡᠶ᠃ ᠨᠠᠮ ᠤᠨ ᠲᠥᠪ ᠬᠤᠷᠢᠶᠠᠨ ᠤ ᠰᠠᠨᠠᠭᠠᠴᠢᠯᠠᠭᠰᠠᠨ ᠵᠤᠶᠢᠯ ᠢ ᠡᠷᠡᠰ ᠴᠤᠤᠷᠢᠶᠠᠲᠤᠨ ᠳᠠᠭᠠᠵᠤ᠂ ᠨᠠᠮ ᠤᠨ ᠲᠥᠪ ᠬᠤᠷᠢᠶᠠᠨ ᠤ ᠲᠣᠭᠲᠠᠭᠠᠭᠰᠠᠨ ᠵᠤᠶᠢᠯ ᠢ ᠡᠷᠡᠰ ᠰᠣᠨᠣᠰᠴᠤ᠂ ᠨᠠᠮ ᠤᠨ ᠲᠥᠪ ᠬᠤᠷᠢᠶᠠᠨ ᠤ ᠴᠠᠭᠠᠵᠠᠯᠠᠭᠰᠠᠨ ᠵᠤᠶᠢᠯ ᠢ ᠡᠷᠡᠰ ᠬᠢᠬᠦ ᠦᠭᠡᠢ ᠪᠠᠶᠢᠵᠤ᠂ ᠢᠮᠠᠭᠲᠠ ᠨᠠᠮ ᠳᠠᠭᠠᠨ ᠦᠨᠡᠨᠴᠢ ᠰᠢᠳᠤᠷᠭᠤ᠂ ᠠᠷᠠᠳ ᠲᠦᠮᠡᠨ ᠳᠡᠭᠡᠨ ᠦᠨᠡᠨᠴᠢ ᠰᠢᠳᠤᠷᠭᠤ᠂ ᠮᠠᠷᠺᠰ ᠤᠨ ᠦᠵᠡᠯ ᠳᠤ ᠦᠨᠡᠨᠴᠢ ᠰᠢᠳᠤᠷᠭᠤ ᠪᠠᠶᠢᠬᠤ ᠬᠡᠷᠡᠭᠲᠡᠶ᠃ ᠤᠯᠤᠰ ᠲᠥᠷᠦ ᠶᠢᠨ ᠰᠠᠬᠢᠯᠭ᠎ᠠ ᠪᠠᠲᠤ ᠪᠠ ᠤᠯᠤᠰ ᠲᠥᠷᠦ ᠶᠢᠨ ᠶᠣᠰᠣ ᠳᠦᠷᠢᠮ ᠢ ᠴᠢᠩᠭ᠎ᠠ ᠰᠠᠬᠢᠵᠤ᠂ ᠨᠠᠮ ᠤᠨ ᠳᠦᠷᠢᠮ ᠪᠠ ᠨᠠᠮ ᠤᠨ ᠰᠠᠬᠢᠯᠭ᠎ᠠ ᠪᠠᠲᠤ ᠶᠢ ᠴᠢᠩᠭ᠎ᠠ ᠰᠠᠬᠢᠵᠤ᠂ ᠨᠠᠮ ᠤᠨ ᠳᠣᠲᠣᠭᠠᠳᠤ ᠶᠢᠨ ᠤᠯᠤᠰ ᠲᠥᠷᠦ ᠶᠢᠨ ᠠᠮᠢᠳᠤᠷᠠᠯ ᠤᠨ ᠳᠦᠷᠢᠮ ᠢ ᠴᠢᠩᠭ᠎ᠠ ᠬᠡᠷᠡᠭᠵᠢᠭᠦᠯᠵᠦ᠂ ᠰᠠᠬᠢᠯᠭ᠎ᠠ ᠪᠠᠲᠤ ᠶᠢ ᠰᠠᠬᠢᠬᠤ ᠶᠣᠰᠣ ᠳᠦᠷᠢᠮ ᠢ ᠡᠷᠬᠢᠮᠯᠡᠬᠦ ᠶᠢ ᠦᠨᠡᠨ ᠬᠦ ᠦᠵᠡᠯ ᠰᠠᠨᠠᠭᠠᠨ ᠤ ᠤᠬᠠᠮᠰᠠᠷ᠂ ᠭᠠᠳᠠᠭᠠᠳᠤ ᠠᠵᠢᠯᠯᠠᠭᠠᠨ ᠤ ᠤᠬᠠᠮᠰᠠᠷ ᠪᠣᠯᠭᠠᠬᠤ ᠬᠡᠷᠡᠭᠲᠡᠶ᠃ ᠤᠯᠤᠰ ᠲᠥᠷᠦ ᠶᠢᠨ ᠴᠢᠳᠠᠪᠤᠷᠢ ᠪᠠᠨ ᠲᠠᠰᠤᠷᠠᠯᠲᠠ ᠦᠭᠡᠢ ᠳᠡᠭᠡᠭᠰᠢᠯᠡᠭᠦᠯᠵᠦ᠂ ᠨᠠᠷᠢᠨ ᠪᠤᠳᠤᠯᠢᠶᠠᠨᠲᠠᠶ ᠬᠤᠷᠴᠠ ᠰᠢᠷᠦᠭᠦᠨ ᠲᠡᠮᠡᠴᠡᠯ ᠤᠨ ᠤᠶᠢᠯᠡᠳᠤᠯᠭᠡ ᠶᠢᠨ ᠳᠤᠮᠳᠠ᠂ ᠪᠠᠴᠢᠮ ᠶᠠᠪᠤᠳᠠᠯ ᠬᠦᠴᠢᠷ ᠶᠠᠪᠤᠳᠠᠯ ᠤᠨ ᠳᠠᠪᠲᠠᠯᠲᠠ ᠶᠢᠨ ᠳᠤᠮᠳᠠ᠂ ᠴᠢᠭᠯᠡᠯ ᠢ ᠡᠵᠡᠮᠳᠡᠵᠦ᠂ ᠵᠣᠭᠰᠣᠯᠲᠠ ᠪᠠᠨ ᠪᠠᠲᠤᠳᠬᠠᠵᠤ᠂ ᠶᠡᠭᠡ ᠬᠠᠨᠳᠤᠰᠢ ᠶᠢ ᠢᠯᠭᠠᠨ ᠲᠠᠨᠢᠵᠤ᠂ ᠵᠥᠪ ᠪᠤᠷᠤᠭᠤ ᠶᠢ ᠢᠯᠭᠠᠨ ᠲᠠᠨᠢᠵᠤ᠂ ᠤᠯᠤᠰ ᠲᠥᠷᠦ ᠶᠢᠨ ᠲᠤᠷᠰᠢᠯᠭ᠎ᠠ᠂ ᠤᠯᠤᠰ ᠲᠥᠷᠦ ᠶᠢᠨ ᠣᠶᠤᠨ ᠤᠬᠠᠭᠠᠨ ᠢ ᠲᠠᠰᠤᠷᠠᠯᠲᠠ ᠦᠭᠡᠢ ᠬᠤᠷᠠᠮᠳᠤᠭᠤᠯᠵᠤ᠂ ᠤᠯᠤᠰ ᠲᠥᠷᠦ ᠶᠢᠨ ᠢᠯᠭᠠᠨ ᠲᠠᠨᠢᠬᠤ ᠴᠢᠳᠠᠪᠤᠷᠢ᠂ ᠣᠶᠢᠯᠠᠭᠠᠬᠤ ᠴᠢᠳᠠᠪᠤᠷᠢ᠂ ᠬᠡᠷᠡᠭᠵᠢᠭᠦᠯᠬᠦ ᠴᠢᠳᠠᠪᠤᠷᠢ ᠪᠠ ᠲᠡᠮᠡᠴᠡᠬᠦ ᠴᠢᠳᠠᠪᠤᠷᠢ ᠪᠠᠨ ᠳᠡᠭᠡᠭᠰᠢᠯᠡᠭᠦᠯᠬᠦ ᠬᠡᠷᠡᠭᠲᠡᠶ᠃      ᠨᠠᠮ ᠤᠨ ᠰᠢᠨ᠎ᠡ ᠶᠢ ᠡᠭᠦᠳᠬᠦ ᠤᠨᠤᠯ ᠢ ᠪᠡᠶ᠎ᠡ ᠪᠠᠷ ᠢᠶᠠᠨ ᠤᠶᠢᠯᠡᠳᠤᠯᠭᠡᠵᠢᠭᠦᠯᠤᠨ᠎ᠡ᠃ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠣᠯ ᠮᠠᠷᠺᠰ ᠯᠧᠨᠢᠨ ᠤ ᠦᠵᠡᠯ᠂ ᠮᠠᠤ ᠽᠧ ᠳ᠋ᠦᠩ ᠤᠨ ᠦᠵᠡᠯ ᠰᠠᠨᠠᠭ᠎ᠠ᠂ ᠳ᠋ᠧᠩ ᠰᠢᠶᠣᠤ ᠫᠢᠩ ᠤᠨ ᠤᠨᠤᠯ᠂ ︽ᠭᠤᠷᠪᠠ ᠶᠢ ᠲᠥᠯᠥᠭᠡᠯᠡᠬᠦ︾ ᠴᠢᠬᠤᠯᠠ ᠦᠵᠡᠯ ᠰᠠᠨᠠᠭ᠎ᠠ᠂ ᠰᠢᠨᠵᠢᠯᠡᠬᠦ ᠤᠬᠠᠭᠠᠨᠴᠢ ᠬᠥᠭᠵᠢᠯᠲᠡ ᠶᠢᠨ ᠦᠵᠡᠯᠲᠡ ᠶᠢᠨ ᠵᠠᠯᠭᠠᠮᠵᠢᠯᠠᠯ ᠪᠠ ᠬᠥᠭᠵᠢᠭᠦᠯᠦᠯ ᠮᠥᠨ᠂ ᠮᠠᠷᠺᠰ ᠤᠨ ᠦᠵᠡᠯ ᠢ ᠳᠤᠮᠳᠠᠳᠤ ᠤᠯᠤᠰᠴᠢᠯᠠᠭᠰᠠᠨ ᠬᠠᠮᠤᠭ ᠤᠨ ᠰᠢᠨ᠎ᠡ ᠦᠷ᠎ᠡ ᠪᠦᠲᠦᠭᠡᠯ ᠮᠥᠨ᠂ ᠨᠠᠮ ᠪᠠ ᠠᠷᠠᠳ ᠲᠦᠮᠡᠨ ᠤ ᠤᠶᠢᠯᠡᠳᠤᠯᠭᠡ ᠶᠢᠨ ᠲᠤᠷᠰᠢᠯᠭ᠎ᠠ ᠪᠠ ᠬᠠᠮᠲᠤ ᠶᠢᠨ ᠣᠶᠤᠨ ᠤᠬᠠᠭᠠᠨ ᠤ ᠣᠬᠢ ᠪᠦᠲᠦᠭᠡᠯ ᠮᠥᠨ᠂ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠤᠨ ᠣᠨᠣᠯ ᠤᠨ ᠰᠢᠰᠲ᠋ᠧᠮ ᠤᠨ ᠴᠢᠬᠤᠯᠠ ᠪᠦᠷᠢᠯᠳᠦᠬᠦᠨ ᠬᠡᠰᠡᠭ ᠮᠥᠨ᠂ ᠪᠦᠬᠦ ᠨᠠᠮ ᠪᠦᠬᠦ ᠤᠯᠤᠰ ᠎ ᠤᠨ ᠠᠷᠠᠳ ᠲᠦᠮᠡᠨ ᠤ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠡᠶᠡᠯᠡᠭᠦᠯᠬᠦ ᠶᠢᠨ ᠲᠥᠯᠥᠭᠡ ᠲᠡᠮᠡᠴᠡᠬᠦ ᠬᠡᠷᠡᠭᠲᠡᠶ᠂ ᠡᠷᠬᠡᠪᠰᠢ ᠤᠷᠳᠤ ᠬᠤᠭᠤᠴᠠᠭ᠎ᠠ ᠪᠠᠷ ᠪᠠᠷᠢᠮᠲᠠᠯᠠᠬᠤ ᠶᠢᠨ ᠬᠠᠮᠲᠤ ᠲᠠᠰᠤᠷᠠᠯᠲᠠ ᠦᠭᠡᠢ ᠬᠥᠭᠵᠢᠭᠦᠯᠬᠦ ᠬᠡᠷᠡᠭᠲᠡᠶ᠃ ᠡᠨᠡ ᠬᠦ ᠦᠵᠡᠯ ᠰᠠᠨᠠᠭᠠᠨ ᠤ ᠦᠨᠡᠨ ᠶᠣᠰᠣᠨ ᠤ ᠬᠦᠴᠦᠨ ᠴᠢᠳᠠᠯ ᠪᠠ ᠤᠶᠢᠯᠡᠳᠤᠯᠭᠡ ᠶᠢᠨ ᠠᠤᠭ᠎ᠠ ᠬᠦᠴᠦᠨ ᠢ ᠨᠠᠮ ᠤᠨ ᠭᠡᠰᠢᠭᠦᠨ ᠤᠳᠤᠷᠢᠳᠬᠤ ᠺᠠᠳ᠋ᠷ ᠨᠢᠭᠡᠪᠦᠷᠢ ᠳᠡᠭᠡᠳᠤ ᠬᠡᠮᠵᠢᠶ᠎ᠡ ᠪᠠᠷ ᠮᠡᠳᠡᠷᠡᠨ ᠵᠥᠪᠰᠢᠶᠡᠷᠡᠬᠦ ᠪᠠᠷ ᠪᠠᠷᠠᠬᠤ ᠦᠭᠡᠢ᠂ ᠲᠡᠭᠦᠨ ᠤ ᠳᠣᠲᠣᠷ᠎ᠠ ᠠᠭᠤᠯᠤᠭᠳᠠᠵᠤ ᠪᠠᠶᠢᠭ᠎ᠠ ᠰᠢᠨᠵᠢᠯᠡᠬᠦ ᠤᠬᠠᠭᠠᠨ ᠤ ᠰᠢᠰᠲ᠋ᠧᠮ᠂ ᠡᠯᠪᠡᠭ ᠪᠠᠶᠠᠯᠢᠭ ᠠᠭᠤᠯᠤᠭᠳᠠᠬᠤᠨ᠂ ᠤᠶᠢᠯᠡᠳᠤᠯᠭᠡ  ᠶᠢᠨ ᠱᠠᠭᠠᠷᠳᠠᠯᠭ᠎ᠠ ᠶᠢ ᠨᠠᠩ ᠭᠦᠢᠴᠠᠤᠡ ᠡᠵᠡᠮᠰᠢᠵᠦ᠂ ᠤᠬᠠᠮᠰᠠᠷ ᠠᠴᠠ ᠪᠠᠨ ᠪᠣᠳᠠᠲᠠᠶ ᠠᠵᠢᠯ ᠳᠤ ᠬᠡᠷᠡᠭᠯᠡᠬᠦ ᠬᠡᠷᠡᠭᠲᠡᠶ᠃ ᠤᠭ ᠵᠣᠬᠢᠶᠠᠯ ᠢ ᠤᠩᠰᠢᠬᠤ᠂ ᠤᠭ ᠵᠣᠬᠢᠶᠠᠯ ᠢ ᠰᠤᠷᠤᠯᠴᠠᠬᠤ᠂ ᠤᠭ ᠶᠣᠰᠣ ᠶᠢ ᠣᠶᠢᠯᠠᠭᠠᠬᠤ ᠶᠢ ᠪᠠᠷᠢᠮᠲᠠᠯᠠᠵᠤ᠂ ︽ᠡᠴᠦᠰ ᠲᠤᠨᠢ ᠲᠤᠯᠲᠠᠯ᠎ᠠ ᠰᠤᠷᠤᠯᠴᠠᠬᠤ︾ ᠵᠣᠷᠢᠭ ᠰᠠᠨᠠᠭ᠎ᠠ᠂ ︽ᠳᠠᠬᠢᠨ ᠳᠠᠪᠲᠠᠨ ᠤᠩᠰᠢᠬᠤ︾ ᠬᠠᠲᠠᠭᠤ ᠵᠣᠷᠢᠭ ᠢᠶᠠᠷ ᠰᠢᠰᠲ᠋ᠧᠮ ᠲᠠᠢ ᠭᠦᠨᠵᠡᠭᠡᠶ ᠰᠤᠷᠤᠯᠴᠠᠵᠤ᠂ ᠪᠣᠳᠠᠲᠠᠶ ᠲᠠᠢ ᠤᠶᠠᠯᠳᠤᠭᠤᠯᠤᠨ ᠰᠤᠷᠤᠯᠴᠠᠬᠤ ᠶᠢᠨ ᠬᠠᠮᠲᠤ ᠤᠶᠢᠯᠡᠳᠤᠯᠭᠡ ᠶᠢᠨ ᠳᠤᠮᠳᠠ ᠣᠶᠢᠯᠠᠭᠠᠵᠤ᠂ ᠰᠤᠷᠤᠯᠴᠠᠬᠤ ᠰᠡᠳᠬᠢᠬᠦ ᠬᠡᠷᠡᠭᠯᠡᠬᠦ ᠶᠢ ᠨᠡᠪᠲᠡᠷᠡᠯᠴᠡᠭᠦᠯᠵᠦ᠂ ᠮᠡᠳᠡᠬᠦ ᠢᠲᠡᠭᠡᠬᠦ ᠬᠢᠬᠦ ᠶᠢ ᠨᠢᠭᠡᠳᠬᠡᠬᠦ ᠬᠡᠷᠡᠭᠲᠡᠶ᠃ ᠡᠨᠡᠬᠦ ᠠᠭᠤᠤ ᠶᠡᠭᠡ ᠦᠵᠡᠯ ᠰᠠᠨᠠᠭ᠎ᠠ ᠶᠢ ᠨᠠᠮ ᠤᠨ ᠲᠥᠪ ᠬᠤᠷᠢᠶᠠᠨ ᠤ ᠰᠢᠢᠤᠡᠪᠤᠷᠢᠳᠤ ᠪᠣᠳᠣᠯᠭ᠎ᠠ ᠪᠠᠶᠢᠷᠢᠯᠠᠭᠤᠯᠤᠯᠲᠠ ᠶᠢ ᠠᠬᠢᠭᠤᠯᠬᠤ ᠪᠣᠳᠠᠲᠠᠶ ᠠᠵᠢᠯᠯᠠᠭ᠎ᠠ ᠪᠣᠯᠭᠠᠨ ᠬᠤᠪᠢᠷᠠᠭᠤᠯᠵᠤ᠂ ᠨᠠᠮ ᠤᠨ ᠰᠢᠨ᠎ᠡ ᠶᠢ ᠡᠭᠦᠳᠬᠦ ᠣᠨᠣᠯ ᠢᠶᠠᠷ ᠵᠥᠷᠢᠴᠡᠯ ᠠᠰᠠᠭᠤᠳᠠᠯ ᠢ ᠰᠢᠢᠤᠡᠪᠤᠷᠢᠯᠡᠬᠦ᠂ ᠥᠭᠡᠷᠡᠴᠢᠯᠡᠯᠲᠡ ᠬᠥᠭᠵᠢᠯᠲᠡ ᠲᠣᠭᠲᠠᠭᠤᠨ ᠪᠣᠯᠤᠨ ᠨᠠᠮ ᠤᠨ ᠪᠠᠶᠢᠭᠤᠯᠤᠯᠲᠠ ᠶᠢ ᠠᠬᠢᠭᠤᠯᠬᠤ ᠬᠦᠴᠦᠷᠬᠡᠭ ᠶᠡᠭᠡ ᠬᠥᠳᠡᠯᠭᠡᠬᠦ ᠬᠦᠴᠦᠨ ᠪᠣᠯᠭᠠᠨ ᠬᠤᠪᠢᠷᠠᠭᠤᠯᠬᠤ ᠬᠡᠷᠡᠭᠲᠡᠶ᠃       ᠴᠢᠨᠠᠷ ᠰᠠᠶᠢᠲᠠᠶ ᠬᠥᠭᠵᠢᠯᠲᠡ ᠶᠢᠨ ᠬᠦᠴᠦᠲᠡᠶ ᠠᠬᠢᠭᠤᠯᠤᠭᠴᠢ ᠪᠣᠯᠬᠤ ᠬᠡᠷᠡᠭᠲᠡᠶ᠃ ᠪᠢᠳᠡ ᠥᠪᠡᠷᠲᠡᠭᠡᠨ ᠵᠠᠰᠠᠬᠤ ᠣᠷᠣᠨ ᠤ ᠪᠠᠷᠠᠭᠤᠨ ᠬᠡᠰᠡᠭ ᠤᠨ ᠣᠷᠣᠨ ᠪᠦᠰᠡ ᠶᠢᠨ ᠰᠢᠨ᠎ᠡ ᠶᠢ ᠡᠭᠦᠳᠬᠦ ᠬᠡᠯᠪᠡᠷᠢ ᠶᠢᠨ ᠬᠤᠲᠠ ᠶᠢᠨ ᠡᠨᠡ ᠬᠦ ᠪᠠᠶᠢᠷᠢ ᠲᠣᠭᠲᠠᠭᠠᠯᠲᠠ ᠳᠤ ᠰᠠᠭᠤᠷᠢᠯᠠᠵᠤ᠂ ᠦᠬᠠᠶ ᠬᠤᠲᠠ ᠠᠴᠠ ᠭᠠᠷᠴᠤ᠂ ᠬᠠᠶᠢᠷᠤᠪ ᠤᠨ ᠲᠣᠬᠤᠢ ᠲᠣᠭᠤᠷᠢᠭ ᠠᠴᠠ ᠭᠠᠷᠴᠤ ᠠᠵᠢᠯ ᠤᠶᠢᠯᠡᠰ ᠢᠶᠠᠨ ᠲᠥᠯᠥᠪᠵᠢᠭᠦᠯᠵᠦ᠂ ᠭᠤᠤᠯᠳᠠᠯᠭ᠎ᠠ ᠲᠠᠢ ᠠᠵᠢᠯ ᠶᠢᠨ ᠨᠠᠶᠢᠳᠠᠪᠤᠷᠢᠵᠢᠭᠤᠯᠤᠯᠲᠠ ᠶᠢ ᠠᠬᠢᠭᠤᠯᠵᠤ᠂ ᠴᠢᠬᠤᠯᠠ ᠶᠡᠭᠡ ᠲᠥᠯᠥᠪᠵᠢᠭᠦᠯᠪᠡ᠂ ᠴᠢᠬᠤᠯᠠ ᠶᠡᠭᠡ ᠲᠥᠷᠥᠯ ᠵᠤᠶᠢᠯ ᠤᠨ ᠪᠠᠶᠢᠷᠢᠰᠢᠭᠤᠯᠤᠯᠲᠠ ᠶᠢ ᠠᠬᠢᠭᠤᠯᠬᠤ ᠬᠡᠷᠡᠭᠲᠡᠶ᠃ ᠠᠷᠠᠯᠵᠢᠶᠠᠴᠢᠨ ᠤᠷᠢᠵᠤ ᠪᠡᠯᠡ ᠣᠷᠣᠭᠤᠯᠵᠤ ᠠᠪᠴᠢᠷᠠᠬᠤ᠂ ᠰᠠᠭᠤᠷᠢ ᠲᠥᠬᠦᠭᠡᠷᠦᠮᠵᠢ ᠶᠢ ᠲᠡᠭᠦᠯᠳᠡᠷᠵᠢᠭᠦᠯᠬᠦ ᠳᠡᠭᠡᠷ᠎ᠡ ᠬᠦᠴᠦ ᠲᠠᠯᠪᠢᠵᠤ᠂ ᠨᠢᠭᠡ ᠪᠦᠯᠦᠭ ᠰᠠᠭᠤᠷᠢ ᠲᠠᠯᠪᠢᠬᠤ᠂ ᠠᠯᠤᠰ ᠬᠡᠲᠦ ᠳᠤ ᠠᠰᠢᠭᠲᠠᠢ᠂ ᠲᠤᠯᠭᠠᠭᠤᠷᠢᠯᠠᠯ ᠢ ᠴᠢᠩᠭᠠᠳᠬᠠᠬᠤ ᠭᠤᠤᠯᠳᠠᠯᠭ᠎ᠠ ᠲᠠᠢ ᠲᠥᠷᠥᠯ ᠵᠤᠶᠢᠯ ᠢ ᠬᠡᠷᠡᠭᠵᠢᠭᠦᠯᠵᠦ᠂ ᠠᠵᠤ ᠠᠬᠤᠶ ᠨᠡᠶᠢᠭᠡᠮ ᠤᠨ ᠦᠷᠭᠦᠯᠵᠢᠯᠡᠨ ᠡᠷᠡᠭᠦᠯ ᠢᠶᠠᠷ ᠬᠥᠭᠵᠢᠬᠦ ᠳᠤ ᠬᠥᠳᠡᠯᠭᠡᠬᠦ ᠬᠦᠴᠦᠨ ᠨᠡᠮᠡᠷᠢᠯᠡᠬᠦ ᠬᠡᠷᠡᠭᠲᠡᠶ᠃ ᠪᠣᠬᠢᠷᠲᠤᠯ ᠦᠭᠡᠢ ᠬᠥᠭᠵᠢᠯᠲᠡ ᠶᠢ ᠪᠠᠷᠢᠮᠲᠠᠯᠠᠵᠤ᠂ ᠰᠢ ᠶᠢᠨ ᠫᠢᠩ ᠤᠨ ᠠᠮᠢ ᠠᠬᠤᠢ ᠶᠢᠨ ᠪᠣᠯᠪᠠᠰᠤᠨ ᠤ ᠦᠵᠡᠯ ᠰᠠᠨᠠᠭ᠎ᠠ ᠢᠯᠠᠩᠭᠤᠶ᠎ᠠ ᠥᠪᠡᠷᠲᠡᠭᠡᠨ ᠵᠠᠰᠠᠬᠤ ᠣᠷᠣᠨ ᠤ ᠠᠮᠢ ᠠᠬᠤᠢ ᠶᠢᠨ ᠪᠣᠯᠪᠠᠰᠤᠨ ᠤ ᠪᠠᠶᠢᠭᠤᠯᠤᠯᠲᠠ ᠶᠢᠨ ᠲᠤᠬᠠᠶ ᠴᠢᠬᠤᠯᠠ ᠵᠢᠭᠠᠪᠤᠷᠢ ᠶᠢᠨ ᠱᠠᠭᠠᠷᠳᠠᠯᠭ᠎ᠠ ᠶᠢ ᠪᠠᠷᠢᠮᠲᠠᠯᠠᠵᠤ᠂ ᠪᠠᠶᠢᠯᠳᠤᠬᠤ ᠪᠣᠳᠣᠯᠭ᠎ᠠ ᠶᠢᠨ ᠪᠠᠶᠢᠷᠢ ᠲᠣᠭᠲᠠᠭᠠᠯᠲᠠ ᠳᠤ ᠨᠡᠶᠢᠴᠡᠭᠰᠡᠨ᠂ ᠭᠠᠵᠠᠷ ᠣᠷᠣᠨ ᠤ ᠣᠨᠴᠠᠯᠢᠭ ᠢ ᠢᠯᠡᠷᠡᠭᠦᠯᠦᠭᠰᠡᠨ᠂ ᠠᠮᠢ ᠠᠬᠤᠶ ᠶᠢ ᠤᠷᠢᠳ ᠢᠶᠠᠷ ᠪᠣᠳᠣᠯᠬᠢᠯᠠᠭᠰᠠᠨ᠂ ᠪᠣᠬᠢᠷᠲᠤᠯ ᠦᠭᠡᠢ ᠬᠥᠭᠵᠢᠯᠲᠡ ᠪᠠᠷ ᠤᠳᠤᠷᠢᠳᠤᠮᠵᠢ ᠪᠣᠯᠭᠠᠭᠰᠠᠨ ᠴᠢᠨᠠᠷ ᠰᠠᠶᠢᠲᠠᠶ ᠬᠥᠭᠵᠢᠯᠲᠡ ᠶᠢᠨ ᠰᠢᠨ᠎ᠡ ᠵᠠᠮ ᠢ ᠡᠷᠡᠰ ᠭᠤᠶᠢᠪᠢᠰᠢ ᠦᠭᠡᠢ ᠰᠦᠪᠡᠭᠴᠢᠯᠡᠬᠦ ᠬᠡᠷᠡᠭᠲᠡᠶ᠃ ᠪᠡᠯᠡ ᠣᠷᠣᠭᠤᠯᠤᠯᠲᠠ ᠠᠷᠠᠯᠵᠢᠶᠠᠨ ᠤ ᠲᠡᠷᠢᠭᠦᠨ ᠰᠣᠩᠭᠤᠯᠲᠠ ᠶᠢᠨ ᠣᠷᠣᠨ ᠢ ᠪᠦᠲᠦᠭᠡᠨ ᠪᠠᠶᠢᠭᠤᠯᠬᠤ ᠲᠠᠢ ᠨᠢᠭᠲᠠ ᠤᠶᠠᠯᠳᠤᠭᠤᠯᠤᠨ᠂ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠶ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ︽ᠪᠠᠬᠢᠵᠢᠭᠦᠯᠬᠦ᠂ ᠴᠢᠩᠭᠠᠳᠬᠠᠬᠤ᠂ ᠳᠡᠭᠡᠭᠰᠢᠯᠡᠭᠦᠯᠬᠦ᠂ ᠰᠠᠭᠠᠳ ᠦᠭᠡᠢ ᠨᠡᠪᠲᠡᠷᠡᠭᠦᠯᠬᠦ︾ ᠳᠡᠭᠡᠷ᠎ᠡ ᠬᠦᠴᠦ ᠲᠠᠯᠪᠢᠵᠤ᠂ ᠪᠣᠳᠠᠲᠤ ᠴᠣᠭᠴᠠ ᠶᠢᠨ ᠠᠵᠤ ᠠᠬᠤᠢ ᠶᠢᠨ ᠥᠷᠨᠢᠩᠭᠦᠶ ᠬᠥᠭᠵᠢᠯᠲᠡ ᠶᠢ ᠠᠬᠢᠭᠤᠯᠬᠤ ᠬᠡᠷᠡᠭᠲᠡᠶ᠃ ᠠᠷᠠᠳ ᠤᠨ ᠡᠵᠡᠩᠨᠡᠯᠲᠡ ᠶᠢᠨ ᠠᠵᠤ ᠠᠬᠤᠶ ᠶᠢ ᠴᠢᠩᠭ᠎ᠠ ᠠᠳᠬᠤᠵᠤ᠂ ᠲᠥᠪ ᠤᠨ ᠰᠤᠶᠢᠤᠡᠭᠡᠯ ᠢ ᠪᠠᠭᠠᠰᠬᠠᠵᠤ ᠭᠠᠶᠢᠯᠢ ᠶᠢ ᠪᠠᠭᠤᠷᠠᠭᠤᠯᠬᠤ ᠲᠥᠷᠦ ᠶᠢᠨ ᠪᠣᠳᠣᠯᠭ᠎ᠠ ᠪᠣᠯᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠡᠵᠡᠩᠨᠡᠯᠲᠡ ᠶᠢᠨ ᠠᠵᠤ ᠠᠬᠤᠢ ᠶᠢᠨ ᠬᠥᠭᠵᠢᠯᠲᠡ ᠶᠢ ᠳᠡᠮᠵᠢᠬᠦ ᠲᠥᠷᠦ ᠶᠢᠨ ᠪᠣᠳᠣᠯᠭ᠎ᠠ ᠠᠷᠭ᠎ᠠ ᠬᠡᠮᠵᠢᠶ᠎ᠡ ᠶᠢ ᠰᠠᠶᠢᠲᠤᠷ ᠨᠠᠶᠢᠳᠠᠪᠤᠷᠢᠵᠢᠭᠤᠯᠬᠤ᠂ ᠤᠳᠤᠷᠢᠳᠬᠤ ᠺᠠᠳ᠋ᠷ ᠤᠨ ᠭᠤᠤᠯᠳᠠᠯᠭ᠎ᠠ ᠲᠠᠢ ᠠᠷᠠᠳ ᠤᠨ ᠡᠵᠡᠩᠨᠡᠯᠲᠡ ᠶᠢᠨ ᠠᠵᠤ ᠠᠬᠤᠶᠢᠯᠠᠯ ᠲᠠᠢ ᠬᠠᠷᠢᠯᠴᠠᠬᠤ ᠲᠣᠭᠲᠠᠴᠠ ᠶᠢ ᠴᠢᠨᠠᠭᠰᠢᠳᠠ ᠲᠡᠭᠦᠯᠳᠡᠷᠵᠢᠭᠦᠯᠵᠦ᠂ ᠠᠷᠠᠳ ᠤᠨ ᠡᠵᠡᠩᠨᠡᠯᠲᠡ ᠶᠢᠨ ᠠᠵᠤ ᠠᠬᠤᠶᠢᠯᠠᠯ ᠤᠨ ᠬᠥᠭᠵᠢᠯᠲᠡ ᠶᠢᠨ ᠭᠤᠤᠯᠳᠠᠯᠭ᠎ᠠ ᠲᠠᠢ ᠬᠦᠴᠢᠷ ᠠᠰᠠᠭᠤᠳᠠᠯ ᠳᠤ ᠡᠬᠡ ᠳᠠᠩᠰᠠ ᠶᠢᠨ ᠬᠠᠮᠢᠶᠠᠷᠤᠯᠲᠠ᠂ ᠤᠨᠢᠨ ᠳᠡᠭᠡᠷ᠎ᠡ ᠨᠢ ᠬᠠᠪᠰᠤᠷᠤᠨ ᠲᠡᠳᠬᠦᠬᠦ᠂ ᠦᠷ᠎ᠡ ᠪᠦᠲᠦᠮᠵᠢ ᠶᠢ ᠮᠥᠷᠳᠡᠨ ᠠᠰᠠᠭᠤᠬᠤ ᠬᠡᠷᠡᠭᠲᠡᠶ᠃ ᠵᠠᠰᠠᠭ ᠤᠨ ᠣᠷᠳᠣᠨ ᠮᠥᠩᠭᠦᠨ ᠭᠦᠢᠯᠭᠡᠭᠡ ᠠᠵᠤ ᠠᠬᠤᠶᠢᠯᠠᠯ ᠤᠨ ᠵᠣᠯᠭᠠᠯᠴᠠᠭ᠎ᠠ ᠶᠢ ᠴᠢᠩᠭᠠᠳᠬᠠᠵᠤ᠂ ᠠᠵᠤ ᠠᠬᠤᠶᠢᠯᠠᠯ ᠤᠨ ᠪᠡᠯᠡ ᠬᠤᠷᠠᠮᠳᠤᠭᠤᠯᠬᠤ ᠳᠤ ᠬᠦᠴᠢᠷᠲᠡᠢ᠂ ᠪᠡᠯᠡ ᠬᠤᠷᠠᠮᠳᠤᠭᠤᠯᠬᠤ ᠳᠤ ᠦᠨᠡᠲᠡᠢ ᠪᠠᠶᠢᠬᠤ ᠠᠰᠠᠭᠤᠳᠠᠯ ᠢ ᠦᠨᠡᠨᠬᠦ ᠰᠢᠢᠳᠪᠦᠷᠢᠯᠡᠨ᠎ᠡ᠃ ᠬᠥᠭᠵᠢᠯᠲᠡ ᠶᠢᠨ ᠳᠤᠮᠳᠠ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠶᠢ ᠪᠠᠷᠢᠮᠲᠠᠯᠠᠵᠤ᠂ ᠠᠷᠠᠳ ᠤᠨ ᠠᠮᠢᠳᠤᠷᠠᠯ ᠤᠨ ᠪᠡᠯᠡ ᠣᠷᠣᠭᠤᠯᠤᠯᠲᠠ ᠶᠢ ᠲᠠᠰᠤᠷᠠᠯᠲᠠ ᠦᠭᠡᠢ ᠨᠡᠮᠡᠭᠳᠡᠭᠦᠯᠵᠦ᠂ ᠣᠷᠣᠨ ᠰᠠᠭᠤᠴᠠ᠂ ᠡᠮ ᠡᠮᠨᠡᠯᠭᠡ᠂ ᠨᠠᠰᠤᠵᠢᠯ ᠤᠨ ᠠᠰᠠᠷᠠᠮᠵᠢ᠂ ᠠᠵᠢᠯ ᠣᠯᠭᠤᠯᠲᠠ᠂ ᠠᠵᠢᠯ ᠣᠯᠭᠤᠯᠲᠠ ᠵᠡᠷᠭᠡ ᠣᠯᠠᠨ ᠲᠦᠮᠡᠨ ᠤ ᠬᠠᠮᠤᠭ ᠠᠴᠠ ᠠᠩᠬᠠᠷᠴᠤ ᠪᠠᠶᠢᠭ᠎ᠠ᠂ ᠬᠠᠮᠤᠭ ᠤᠨ ᠰᠢᠭᠤᠳ᠂ ᠬᠠᠮᠤᠭ ᠤᠨ ᠪᠣᠳᠠᠲᠠᠶ ᠠᠰᠢᠭ ᠲᠤᠰᠠ ᠶᠢᠨ ᠠᠰᠠᠭᠤᠳᠠᠯ ᠢ ᠰᠠᠶᠢᠲᠤᠷ ᠰᠢᠢᠤᠡᠪᠤᠷᠥᠯᠡᠵᠤ᠂ ᠥᠷᠭᠡᠨ ᠣᠯᠠᠨ ᠲᠦᠮᠡᠨ ᠤ ᠬᠦᠷᠲᠡᠮᠵᠢ ᠶᠢᠨ ᠲᠥᠷᠥᠭᠳᠡᠯ ᠢ ᠨᠠᠩ ᠭᠦᠢᠴᠠᠤᠡ᠂ ᠵᠣᠯ ᠵᠢᠷᠭᠠᠯᠲᠤ ᠲᠥᠷᠥᠭᠳᠡᠯ ᠢ ᠨᠠᠩ ᠦᠨᠡᠨ ᠪᠣᠳᠠᠲᠠᠶ᠂ ᠠᠮᠤᠷ ᠲᠦᠪᠰᠢᠨ ᠤ ᠲᠥᠷᠥᠭᠳᠡᠯ ᠢ ᠨᠠᠩ ᠯᠠᠪᠳᠠᠭᠤᠨ ᠪᠠᠲᠤᠲᠠᠶ ᠪᠣᠯᠭᠠᠬᠤ ᠬᠡᠷᠡᠭᠲᠡᠶ᠃
 
ᠢᠷᠡᠯᠲᠡ᠄ ᠦᠬᠠᠢ ᠬᠤᠲᠠ ᠶᠢᠨ ᠡᠳᠤᠷ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号