ᠬᠠᠶᠢᠷᠤᠪ ᠤᠨ ᠲᠣᠬᠤᠢ ᠲᠣᠭᠤᠷᠢᠭ ᠤᠨ ︽ᠴᠢᠬᠡᠴᠢ ᠰᠤᠷᠲᠠᠯ ᠺᠠᠳ᠋ᠷ︾ ᠦᠨᠳᠦᠰᠦᠨ ᠱᠠᠲᠤᠨ ᠳᠤ ᠬᠦᠷᠴᠦ ︽ᠴᠢᠬᠡᠴᠢ ᠰᠤᠷᠲᠠᠯ︾᠎ ᠢ ᠬᠦᠷᠭᠡᠨ᠎ᠡ
ᠨᠡᠶᠢᠲᠡᠯᠡᠭᠰᠡᠨ ᠴᠠᠭ᠄
2019-10-08
     9 ᠰᠠᠷ᠎ᠠ ᠶᠢᠨ 29᠎ ᠤ ᠡᠳᠦᠷ᠂ ᠬᠠᠶᠢᠷᠤᠪ ᠤᠨ ᠲᠣᠬᠤᠢ ᠲᠣᠭᠤᠷᠢᠭ ᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ ᠤᠨ ᠳᠠᠭᠠᠭᠠᠴᠢᠯᠠᠨ ᠡᠷᠬᠢᠯᠡᠭᠰᠡᠨ ︽ᠴᠢᠬᠡᠴᠢ ᠰᠤᠷᠲᠠᠯ ᠤᠨ ᠺᠠᠳ᠋ᠷ︾᠎ ᠤᠨ ᠤᠬᠠᠭᠤᠯᠤᠨ ᠲᠠᠶᠢᠯᠪᠤᠷᠢᠯᠠᠬᠤ ᠬᠠᠮᠲᠤ ᠪᠠᠷ ᠡᠳ᠋ᠯᠡᠬᠦ ᠶᠠᠷᠢᠶᠠᠨ ᠤ ᠲᠠᠩᠬᠢᠮ‌‍ᠴᠡᠭᠡᠯ ᠠᠭᠤᠯᠠ ᠪᠠᠯᠭᠠᠰᠤᠨ ᠳᠤ ᠭᠤᠶᠢᠲᠠ ᠰᠠᠶᠢᠬᠠᠨ ᠶᠠᠷᠢᠶ᠎ᠠ ᠲᠠᠯᠪᠢᠪᠠ᠃ ᠬᠠᠶᠢᠷᠤᠪ ᠤᠨ ᠲᠣᠬᠤᠢ ᠲᠣᠭᠤᠷᠢᠭ ᠤᠨ ᠪᠠᠯᠭᠠᠰᠤ᠂ ᠬᠡᠷᠡᠭ ᠡᠷᠬᠢᠯᠡᠬᠦ ᠭᠠᠵᠠᠷ ᠤᠨ 2 ︽ᠴᠢᠬᠡᠴᠢ ᠰᠤᠷᠲᠠᠯ ᠺᠠᠳ᠋ᠷ︾ ᠥᠪᠡᠷ ᠤᠨ ᠡᠳᠦᠷ ᠲᠣᠲᠤᠮ ᠤᠨ ᠠᠵᠢᠯ ᠳᠤᠮᠳᠠᠬᠢ ᠰᠡᠳᠬᠢᠯ ᠬᠥᠳᠡᠯᠭᠡᠮ᠎ᠡ ᠦᠯᠢᠭᠡᠷ ᠢᠶᠠᠨ ᠶᠠᠷᠢᠪᠠ᠃
     ᠲᠣᠰ ᠤᠳᠠᠭᠠᠨ ᠤ ᠬᠠᠮᠲᠤ ᠪᠠᠷ ᠡᠳ᠋ᠯᠡᠬᠦ ᠶᠠᠷᠢᠶᠠᠨ ᠤ ᠲᠠᠩᠬᠢᠮ ᠤᠨ ᠭᠤᠤᠯ ᠰᠡᠳᠦᠪ ᠪᠣᠯ ᠠᠵᠢᠯ ᠮᠡᠷᠭᠡᠵᠢᠯ ᠤᠨ ᠶᠣᠰᠣ ᠮᠣᠷᠠᠯ ᠢ ᠪᠠᠳᠠᠷᠠᠭᠤᠯᠵᠤ᠂ ᠰᠢᠨ᠎ᠡ ᠴᠠᠭ ᠦᠶ᠎ᠡ ᠶᠢᠨ ︽ᠠᠷᠢᠭᠤᠨ ᠴᠢᠬᠡᠴᠢ ᠺᠠᠳ᠋ᠷ︾ ᠪᠣᠯᠵᠤ᠂ ᠤᠬᠠᠭᠤᠯᠤᠨ ᠲᠠᠶᠢᠯᠪᠤᠷᠢᠯᠠᠭᠴᠢ ᠥᠪᠡᠷ ᠤᠨ ᠶᠠᠳᠠᠭᠤ ᠶᠢ ᠲᠡᠳᠬᠦᠬᠦ ᠠᠵᠢᠯ ᠶᠢᠨ ᠥᠩᠭᠡᠷᠡᠯᠲᠡ ᠲᠠᠢ ᠪᠠᠨ ᠤᠶᠠᠯᠳᠤᠭᠤᠯᠤᠨ᠂ ᠪᠣᠷᠣᠭᠵᠢᠭᠤᠨ ᠠᠮᠢᠳᠤᠯᠢᠭ ᠦᠭᠡ ᠬᠡᠯᠡ ᠪᠠᠷ ᠲᠣᠰ ᠪᠡᠶ᠎ᠡ ᠶᠢᠨ ᠲᠡᠷᠢᠭᠦᠨ ᠤ ᠦᠢᠯᠡ ᠠᠵᠢᠯᠯᠠᠭ᠎ᠠ ᠪᠠᠨ ᠵᠡᠷᠭᠡᠪᠡᠷ ᠶᠠᠷᠢᠵᠤ᠂ ︽ᠠᠷᠢᠭᠤᠨ ᠴᠢᠬᠡᠴᠢ ᠺᠠᠳ᠋ᠷ︾᠎ ᠤᠨ ᠠᠷᠠᠳ ᠣᠯᠠᠨ ᠤ ᠰᠠᠶᠢᠨ ᠰᠠᠶᠢᠬᠠᠨ ᠠᠮᠢᠳᠤᠷᠠᠯ ᠤᠨ ᠲᠥᠯᠥᠭᠡ ᠲᠡᠮᠡᠴᠡᠭᠡᠳ ᠵᠣᠭᠰᠣᠬᠤ ᠦᠭᠡᠢ᠂ ᠬᠠᠷᠠᠮ ᠦᠭᠡᠢ ᠵᠢᠳᠬᠦᠬᠦ ᠬᠠᠷᠢᠭᠤᠴᠠᠯᠭ᠎ᠠ ᠪᠠ ᠡᠭᠦᠷᠭᠡᠯᠡᠯ ᠢᠶᠠᠨ ᠭᠦᠨᠵᠡᠭᠡᠶ ᠲᠠᠶᠢᠯᠪᠤᠷᠢᠯᠠᠵᠤ᠂ ᠴᠢᠩᠭ᠎ᠠ ᠲᠤᠰᠬᠠᠯ ᠭᠠᠷᠭᠠᠪᠠ᠃      ︽ᠴᠢᠬᠡᠴᠢ ᠰᠤᠷᠲᠠᠯ ᠤᠨ ᠺᠠᠳ᠋ᠷ︾᠎ ᠤᠨ ᠲᠡᠷᠢᠭᠦᠨ ᠤ ᠦᠢᠯᠡ ᠠᠵᠢᠯᠯᠠᠭ᠎ᠠ ᠨᠢ ᠴᠢᠬᠡᠴᠢ ᠰᠤᠷᠲᠠᠯ ᠲᠥᠪ ᠰᠤᠷᠲᠠᠯ ᠢ ᠤᠯᠠᠮ ᠴᠢᠨᠠᠭᠰᠢᠳᠠ ᠪᠠᠳᠠᠷᠠᠭᠤᠯᠵᠤ᠂ ᠨᠡᠶᠢᠭᠡᠮ ᠤᠨ ᠢᠳᠡᠪᠬᠢ ᠬᠦᠴᠦᠨ ᠢ ᠤᠯᠠᠮᠵᠢᠯᠠᠨ ᠳᠡᠯᠭᠡᠷᠡᠭᠦᠯᠵᠦ᠂ ᠰᠢᠨ᠎ᠡ ᠴᠠᠭ ᠦᠶ᠎ᠡ ᠶᠢᠨ ᠺᠠᠳ᠋ᠷ ᠤᠨ ᠡᠩᠨᠡᠭᠡ ᠶᠢᠨ ᠠᠷᠠᠳ ᠤᠨ ᠲᠥᠯᠥᠭᠡ ᠪᠤᠳᠠᠳᠤ ᠠᠵᠢᠯᠯᠠᠭ᠎ᠠ ᠶᠢ ᠡᠷᠬᠢᠮᠯᠡᠭᠰᠡᠨ‌ᠠᠷᠢᠭᠤᠨ ᠴᠢᠭᠡᠴᠢ ᠰᠠᠶᠢᠨ ᠰᠠᠶᠢᠬᠠᠨ ᠳᠦᠷᠢ ᠲᠥᠷᠬᠦ ᠶᠢ ᠬᠦᠴᠦᠯᠡᠨ ᠪᠤᠶᠢᠵᠢᠭᠤᠯᠵᠤ᠂ ᠡᠷᠡᠭᠦᠯ ᠥᠭᠡᠳᠡᠷᠬᠡᠭ ᠦᠨᠳᠦᠰᠦᠨ ᠱᠠᠲᠤᠨ ᠤ ᠤᠯᠤᠰ ᠲᠥᠷᠦ ᠶᠢᠨ ᠠᠮᠢ ᠠᠬᠤᠶ ᠶᠢ ᠪᠣᠶ ᠪᠣᠯᠭᠠᠨ᠎ᠠ᠃
 
ᠢᠷᠡᠯᠲᠡ᠄ ᠠᠮᠢᠵᠢᠷᠠᠯ ᠪᠢᠯᠬᠠᠭᠰᠠᠨ ᠬᠠᠶᠢᠷᠤᠪ ᠤᠨ ᠲᠤᠬᠤᠢ ᠲᠤᠭᠤᠷᠢᠭ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号