ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠮᠣᠩᠭᠤᠯ ᠬᠤᠳᠠᠯᠳᠤᠭᠠᠴᠢᠳ ᠤᠨ ᠶᠡᠭᠡ ᠬᠤᠷᠠᠯ 18᠎ ᠤ ᠡᠳᠦᠷ ᠦᠬᠠᠶ ᠳᠤ ᠦᠪᠡᠳᠡᠭᠰᠢ ᠶᠡᠭᠡ ᠪᠠᠷ ᠬᠤᠷᠠᠯᠳᠤᠨ᠎ᠠ
ᠨᠡᠶᠢᠲᠡᠯᠡᠭᠰᠡᠨ ᠴᠠᠭ᠄
2019-09-18
     ︽ᠮᠣᠩᠭᠤᠯ ᠠᠷᠠᠯᠵᠢᠶᠠᠴᠢᠨ ᠤ ᠵᠣᠷᠢᠭ ᠰᠠᠨᠠᠭ᠎ᠠ ᠶᠢ ᠪᠠᠳᠠᠷᠠᠭᠤᠯᠵᠤ᠂ ᠥᠪᠥᠷ ᠮᠣᠩᠭᠤᠯ ᠤᠨ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠬᠤ︾ ᠎ ᠪᠠᠷ ᠭᠤᠤᠯ ᠰᠡᠳᠦᠪ ᠪᠣᠯᠭᠠᠵᠤ᠂ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠠᠴᠠ ᠭᠤᠤᠯᠯᠠᠨ ᠡᠷᠬᠢᠯᠡᠵᠦ᠂ ᠥᠪᠡᠷᠲᠡᠭᠡᠨ ᠵᠠᠰᠠᠬᠤ ᠣᠷᠣᠨ ᠤ ᠤᠶᠢᠯᠡᠤᠡᠪᠤᠷᠢ ᠬᠤᠳᠠᠯᠳᠤᠭᠠᠨ ᠤ ᠬᠤᠯᠪᠣᠭ᠎ᠠ᠂ ᠬᠤᠲᠠ ᠶᠢᠨ ᠵᠠᠰᠠᠭ ᠤᠨ ᠣᠷᠳᠣᠨ ᠠᠴᠠ ᠳᠠᠭᠠᠭᠠᠨ ᠡᠷᠬᠢᠯᠡᠭᠰᠡᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠮᠣᠩᠭᠤᠯ ᠠᠷᠠᠯᠵᠢᠶᠠᠴᠢᠨ ᠤ ᠶᠡᠭᠡ ᠬᠤᠷᠠᠯ 18᠎ ᠤ ᠡᠳᠦᠷ ᠬᠠᠶᠢᠷᠤᠪ ‍ᠤᠨ‌‍ᠲ᠋ᠤᠬᠤᠢ ᠲᠤᠭᠤᠷᠢᠭ ᠳᠤ ᠦᠪᠡᠳᠡᠭᠰᠢ ᠶᠡᠬᠡᠪᠡᠷ ᠶᠠᠪᠤᠭᠳᠠᠬᠤ ᠪᠣᠯᠤᠨ᠎ᠠ᠃      ᠨᠤᠲᠤᠭ ᠤᠨ ᠪᠠᠶᠢᠳᠠᠯ᠂ ᠡᠯᠢᠭᠡᠨ ᠬᠠᠶᠢᠷ᠎ᠠ᠂ ᠨᠥᠬᠦᠷᠰᠡᠭ ᠰᠡᠳᠬᠢᠯᠭᠡ᠂ ᠬᠤᠳᠠᠯᠳᠤᠭᠠᠨ ᠤ ᠪᠠᠶᠢᠳᠠᠯ ᠢᠶᠠᠷ ᠬᠤᠯᠪᠣᠭᠠᠰᠤ ᠪᠣᠯᠭᠠᠨ ᠪᠠᠶᠢᠭᠤᠯᠤᠭᠰᠠᠨ ᠮᠣᠩᠭᠤᠯ ᠬᠤᠳᠠᠯᠳᠤᠭᠠᠴᠢᠳ ᠤᠨ ᠶᠡᠭᠡ ᠬᠤᠷᠠᠯ ᠪᠣᠯ ᠤᠯᠤᠰ ᠤᠨ ᠲᠤᠳᠤᠭᠠᠳᠤ ᠭᠠᠳᠠᠭᠠᠳᠤ ᠶᠢᠨ ᠮᠣᠩᠭᠤᠯ ᠬᠤᠳᠠᠯᠳᠤᠭᠠᠴᠢᠳ ᠤᠨ ᠬᠠᠷᠢᠯᠴᠠᠭᠠᠨ ᠤ ᠴᠢᠬᠤᠯᠠ ᠠᠴᠢᠶᠠᠯᠠᠪᠤᠷᠢ ᠮᠥᠨ᠂ ᠠᠳᠠᠯᠢ ᠢᠷᠡᠯᠲᠡ ᠲᠠᠢ᠂ ᠰᠡᠳᠬᠢᠯ ᠨᠢᠭᠡᠲᠡᠢ᠂ ᠠᠳᠠᠯᠢ ᠴᠢᠭᠯᠡᠯ ᠲᠠᠢ᠂ ᠠᠳᠠᠯᠢ ᠠᠵᠢᠯ ᠲᠥᠷᠥᠯ ᠤᠨ ᠨᠡᠶᠢᠯᠡᠯ ᠬᠦᠴᠦᠨ ᠮᠥᠨ᠂ ᠮᠣᠩᠭᠤᠯ ᠬᠤᠳᠠᠯᠳᠤᠭᠠᠴᠢᠳ ᠤᠨ ᠬᠦᠴᠦᠨ ᠴᠢᠳᠠᠯ ᠢ ᠨᠢᠭᠲᠠᠷᠠᠭᠤᠯᠵᠤ᠂ ᠮᠣᠩᠭᠤᠯ ᠬᠤᠳᠠᠯᠳᠤᠭᠠᠴᠢᠳ ᠤᠨ ᠵᠣᠷᠢᠭ ᠰᠠᠨᠠᠭ᠎ᠠ ᠶᠢ ᠤᠯᠠᠮᠵᠢᠯᠠᠨ ᠵᠠᠯᠭᠠᠮᠵᠢᠯᠠᠵᠤ᠂ ᠮᠣᠩᠭᠤᠯ ᠲᠠᠸᠠᠷ ᠤᠨ ᠫᠠᠶᠢᠰᠠ ᠶᠢ ᠴᠣᠭᠴᠠᠯᠠᠬᠤ ᠴᠢᠬᠤᠯᠠ ᠲᠠᠪᠴᠠᠩ ᠮᠥᠨ᠃ ᠮᠣᠩᠭᠤᠯ ᠬᠤᠳᠠᠯᠳᠤᠭᠠᠴᠢᠳ ᠤᠨ ᠶᠡᠭᠡ‌ᠬᠤᠷᠠᠯ ᠢ ᠨᠢᠭᠡᠨᠲᠡ ᠵᠠᠯᠭᠠᠭ᠎ᠠ ᠪᠠᠷ ᠪᠤᠭᠤᠲᠤ᠂ ᠣᠷᠳᠣᠰ ᠲᠤ ᠬᠤᠶᠠᠷ ᠬᠤᠭᠤᠴᠠᠭ᠎ᠠ ᠠᠮᠵᠢᠯᠲᠠ ᠲᠠᠢ ᠡᠷᠬᠢᠯᠡᠪᠡ᠃      ᠲᠣᠰ ᠬᠤᠭᠤᠴᠠᠭᠠᠨ ᠤ  ᠮᠣᠩᠭᠤᠯ  ᠬᠤᠳᠠᠯᠳᠤᠭᠠᠴᠢᠳ ᠤᠨ ᠶᠡᠭᠡ ᠬᠤᠷᠠᠯ ᠪᠣᠯ ᠮᠠᠨ ᠤ ᠬᠤᠲᠠ ᠶᠢᠨ ᠳᠠᠭᠠᠭᠠᠨ ᠡᠷᠬᠢᠯᠡᠭᠰᠡᠨ ᠨᠢᠭᠡ ᠤᠳᠠᠭᠠᠨ ᠤ ᠬᠡᠪ ᠪᠠᠷᠢᠮᠵᠢᠶ᠎ᠠ ᠪᠠᠷ ᠥᠨᠳᠥᠷ᠂ ᠨᠥᠯᠥᠭᠡᠯᠡᠬᠦ ᠬᠦᠴᠦᠨ ᠢᠶᠠᠷ ᠶᠡᠭᠡ ᠬᠤᠷᠠᠯ ᠶᠤᠮ᠂ ᠬᠤᠲᠠ ᠶᠢᠨ ᠨᠠᠮ ᠤᠨ ᠬᠤᠷᠢᠶ᠎ᠠ᠂ ᠬᠤᠲᠠ ᠶᠢᠨ ᠵᠠᠰᠠᠭ ᠤᠨ ᠣᠷᠳᠣᠨ ᠳᠡᠭᠡᠳᠤ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠨᠠᠷᠢᠨ ᠨᠢᠭᠲᠠ ᠠᠵᠢᠯ ᠶᠢᠨ ᠲᠥᠰᠦᠯ ᠲᠣᠭᠲᠠᠭᠠᠵᠤ᠂ ᠵᠣᠬᠢᠶᠠᠨ ᠪᠠᠶᠢᠭᠤᠯᠤᠯᠲᠠ ᠶᠢᠨ ᠪᠠᠢᠭᠤᠯᠤᠮᠵᠢ ᠵᠢᠴᠢ ᠠᠵᠢᠯ ᠶᠢᠨ ᠡᠭᠦᠷᠭᠡ ᠬᠠᠷᠢᠭᠤᠴᠠᠯᠭ᠎ᠠ ᠪᠠᠨ ᠲᠣᠳᠣᠷᠬᠠᠶᠢᠯᠠᠵᠤ᠂ ᠤᠳᠤᠷᠢᠳᠬᠤ ᠲᠤᠭᠤᠶᠢᠯᠠᠩ ᠢ ᠪᠠᠶᠢᠭᠤᠯᠵᠤ᠂  ᠬᠤᠷᠠᠯ ᠤᠨ ᠶᠠᠪᠤᠳᠠᠯ ᠵᠡᠷᠭᠡ 7 ᠲᠤᠰᠬᠠᠶ ᠠᠵᠢᠯ ᠶᠢᠨ ᠲᠤᠭᠤᠶᠢᠯᠠᠩ ᠪᠠᠶᠢᠭᠤᠯᠵᠤ᠂ ᠣᠷᠳᠣᠰ ᠵᠡᠷᠭᠡ ᠭᠠᠵᠠᠷ ᠤᠨ ᠲᠡᠷᠢᠭᠦᠨ ᠤ ᠬᠤᠷᠠᠯ ᠡᠷᠬᠢᠯᠡᠭᠰᠡᠨ ᠲᠤᠷᠰᠢᠯᠭ᠎ᠠ ᠪᠠᠷ ᠲᠣᠯᠢ ᠪᠣᠯᠭᠠᠵᠤ᠂ ᠶᠡᠭᠡ ᠬᠤᠷᠠᠯ ᠤᠨ ᠡᠯ᠎ᠡ ᠵᠤᠶᠢᠯ ᠤᠨ ᠪᠡᠯᠡᠳᠬᠡᠯ ᠠᠵᠢᠯ ᠢ ᠨᠠᠷᠢᠨ ᠪᠣᠳᠠᠲᠠᠶ ᠠᠬᠢᠭᠤᠯᠪᠠ᠃      ᠲᠣᠰ ᠬᠤᠭᠤᠴᠠᠭᠠᠨ ᠤ ᠮᠣᠩᠭᠤᠯ ᠬᠤᠳᠠᠯᠳᠤᠭᠠᠴᠢᠳ ᠤᠨ ᠶᠡᠭᠡ ᠬᠤᠷᠠᠯ ᠨᠢ ︽ᠨᠡᠭᠡᠭᠡᠯᠲᠡᠲᠡᠶ ᠪᠠᠭᠲᠠᠭᠠᠮᠵᠢᠲᠠᠶ᠂ ᠦᠨᠡᠨᠴᠢ ᠢᠲᠡᠭᠡᠮᠵᠢᠲᠡᠶ ᠪᠥᠭᠡᠳ ᠬᠠᠤᠯᠢ ᠶᠢ ᠰᠠᠬᠢᠬᠤ᠂ ᠶᠣᠰᠣ ᠮᠣᠷᠠᠯ ᠢ ᠡᠷᠬᠢᠮᠯᠡᠨ ᠵᠢᠷᠤᠮ ᠢ ᠡᠷᠬᠢᠮᠯᠡᠬᠦ᠂ ᠵᠣᠷᠢᠭᠲᠠᠶ ᠪᠠᠷ ᠰᠢᠨ᠎ᠡ ᠶᠢ ᠡᠭᠦᠳᠬᠦ᠂ ᠵᠣᠷᠢᠭᠲᠠᠶ ᠪᠠᠷ ᠲᠦᠷᠦᠭᠦᠯᠡᠬᠦ︾ ᠮᠣᠩᠭᠤᠯ  ᠬᠤᠳᠠᠯᠳᠤᠭᠠᠴᠢᠳ ᠤᠨ ᠵᠣᠷᠢᠭ ᠰᠠᠨᠠᠭ᠎ᠠ ᠶᠢ ᠪᠠᠳᠠᠷᠠᠭᠤᠯᠵᠤ᠂ ᠥᠷᠭᠡᠨ ᠣᠯᠠᠨ ᠮᠣᠩᠭᠤᠯ ᠬᠤᠳᠠᠯᠳᠤᠭᠠᠴᠢᠨ ᠢ ᠬᠥᠲᠥᠯᠥᠨ ᠵᠢᠯᠣᠭᠤᠳᠴᠤ ᠪᠠᠶᠢᠭᠠᠳ ᠠᠮᠢ ᠠᠬᠤᠶ ᠶᠢ ᠤᠷᠢᠳ ᠢᠶᠠᠷ ᠪᠣᠳᠣᠯᠬᠢᠯᠠᠬᠤ᠂ ᠪᠣᠬᠢᠷᠲᠤᠯ ᠥᠬᠡᠶ ᠬᠥᠭᠵᠢᠯᠲᠡ ᠪᠠᠷ ᠤᠳᠤᠷᠢᠳᠤᠮᠵᠢ ᠪᠣᠯᠭᠠᠭᠰᠠᠨ ᠴᠢᠨᠠᠷ ᠰᠠᠶᠢᠲᠠᠶ ᠬᠥᠭᠵᠢᠯᠲᠡ ᠶᠢᠨ ᠰᠢᠨ᠎ᠡ ᠵᠠᠮ ᠢ ᠬᠠᠶᠢᠨ ᠰᠦᠪᠡᠭᠴᠢᠯᠡᠵᠦ᠂ ᠥᠪᠥᠷ ᠮᠣᠩᠭᠤᠯ ᠤᠨ ᠭᠠᠳᠠᠭᠠᠳᠤ ᠨᠡᠭᠡᠭᠡᠯᠲᠡ ᠶᠢ ᠤᠯᠠᠮ ᠨᠢᠭᠡ ᠠᠯᠬᠤᠮ ᠥᠷᠭᠡᠳᠬᠡᠨ᠎ᠡ᠃ ᠮᠣᠩᠭᠤᠯ  ᠬᠤᠳᠠᠯᠳᠤᠭᠠᠴᠢᠳ ᠤᠨ ᠶᠡᠭᠡ ᠬᠤᠷᠠᠯ ᠤᠨ ᠬᠤᠭᠤᠴᠠᠭᠠᠨ ᠳᠤ᠂ ᠲᠥᠷᠥᠯ ᠵᠤᠶᠢᠯ ᠤᠨ ᠲᠠᠨᠢᠯᠴᠠᠭᠤᠯᠭ᠎ᠠ ᠶᠢᠨ ᠬᠤᠷᠠᠯ᠂ ᠥᠪᠥᠷ ᠮᠣᠩᠭᠤᠯ ᠤᠨ ᠦᠨᠦᠷ ᠠᠮᠲᠠ ᠶᠢᠨ ᠲᠤᠰᠬᠠᠶ ᠰᠡᠳᠦᠪᠲᠦ ᠲᠠᠨᠢᠯᠴᠠᠭᠤᠯᠭ᠎ᠠ ᠶᠢᠨ ᠠᠵᠢᠯᠯᠠᠭ᠎ᠠ ᠡᠷᠬᠢᠯᠡᠬᠦ ᠪᠣᠯᠤᠨ᠎ᠠ᠂ ᠠᠩᠬᠠᠷᠤᠭᠤᠰᠢᠲᠠᠶ ᠨᠢ ᠥᠪᠥᠷ ᠮᠣᠩᠭᠤᠯ ᠤᠨ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ 100 ᠬᠦᠴᠦᠷᠬᠡᠭ ᠨᠡᠷᠡᠰ ᠤᠨ ᠵᠢᠭᠰᠠᠭᠠᠯᠲᠠ ᠪᠠ ᠵᠠᠳᠠᠯᠤᠯᠲᠠ ᠶᠢᠨ ᠮᠡᠳᠡᠭᠦᠯᠦᠯᠲᠡ ᠶᠢ ᠨᠡᠶᠢᠲᠡᠯᠡᠬᠦ ᠪᠣᠯᠤᠨ᠎ᠠ᠃
     ᠲᠤᠰ ᠰᠦᠯᠳᠡ ᠨᠢ ᠲᠣᠭᠤᠷᠢᠭ ᠬᠡᠯᠪᠡᠷᠢᠲᠡᠶ ᠪᠠᠷ ᠰᠠᠭᠤᠷᠢ ᠳᠦᠷᠰᠦ ᠪᠦᠲᠦᠭᠡᠯᠲᠡ ᠪᠣᠯᠭᠠᠵᠤ᠂ ᠦᠨᠡᠨᠴᠢ ᠢᠲᠡᠭᠡᠮᠵᠢᠲᠡᠶ᠂ ᠰᠣᠯᠢᠯᠴᠠᠭ᠎ᠠ ᠲᠠᠢ᠂ ᠲᠡᠭᠦᠰ ᠲᠡᠭᠦᠯᠳᠡᠷ᠂ ᠪᠦᠷᠢᠨ ᠪᠦᠲᠦᠨ ᠪᠠ ᠮᠣᠩᠭᠤᠯ ᠬᠤᠳᠠᠯᠳᠤᠭᠠᠴᠢᠨ ᠤ ᠬᠦᠴᠦᠷᠬᠡᠭ ᠶᠡᠭᠡ ᠨᠢᠭᠲᠠᠷᠠᠯ ᠤᠨ ᠬᠦᠴᠦᠨ ᠢ ᠪᠡᠯᠭᠡᠳᠡᠨ᠎ᠡ᠃      ᠬᠤᠷᠠᠯ ᠤᠨ ᠰᠦᠯᠳᠡ ᠶᠢᠨ ᠳᠤᠮᠳᠠ ᠪᠣᠰᠤᠭ᠎ᠠ ᠮᠣᠩᠭᠤᠯ ᠭᠡᠷ ᠢᠶᠠᠷ ᠦᠨᠳᠦᠰᠦᠨ ᠳᠦᠷᠰᠦ ᠪᠦᠲᠦᠭᠡᠯ ᠢᠶᠠᠷ ᠪᠦᠷᠢᠯᠳᠦᠭᠰᠡᠨ ︽ᠱᠠᠩ︾ ᠦᠰᠦᠭ᠃ ᠱᠠᠩ ᠦᠰᠥᠭ ᠤᠨ ᠳᠡᠭᠡᠷ᠎ᠡ ᠬᠠᠭᠠᠰ ᠬᠡᠰᠡᠭ ᠢ ᠮᠣᠩᠭᠤᠯ ᠭᠡᠷ ᠤᠨ ᠣᠷᠣᠢ ᠶᠢᠨ ᠳᠦᠷᠰᠦ ᠪᠦᠲᠦᠭᠡᠯᠲᠡ ᠪᠠ ᠥᠯᠵᠡᠶᠢᠲᠦ ᠡᠭᠦᠯᠡ ᠭᠡᠵᠦ ᠬᠤᠶᠠᠷ ᠬᠤᠪᠢᠶᠠᠳᠠᠭ᠃ ᠮᠣᠩᠭᠤᠯ ᠭᠡᠷ ᠪᠣᠯ ᠥᠪᠥᠷ ᠮᠣᠩᠭᠤᠯ ᠤᠨ ᠲᠠᠯ᠎ᠠ ᠨᠤᠲᠤᠭ ᠲᠤ ᠯᠠ ᠪᠠᠶᠢᠳᠠᠭ ᠰᠣᠶᠣᠯ᠂ ᠠᠮᠢᠳᠤᠷᠠᠯ ᠢ ᠨᠢᠭᠡᠳᠬᠡᠭᠰᠡᠨ ᠡᠷᠲᠡᠨ ᠤ ᠪᠥᠭᠡᠳ ᠢᠯᠡ ᠲᠣᠳᠣ ᠦᠨᠳᠦᠰᠦᠲᠡᠨ ᠤ ᠷᠢᠳᠢ ᠰᠢᠳᠢ ᠲᠠᠢ ᠪᠠᠷᠢᠯᠭ᠎ᠠ ᠪᠠᠶᠢᠵᠤ᠂ ᠦᠨᠳᠦᠰᠦᠲᠡᠨ ᠤ ᠣᠶᠤᠨ ᠤᠬᠠᠭᠠᠨ ᠪᠠ ᠭᠦᠨ ᠵᠤᠵᠠᠭᠠᠨ ᠰᠣᠶᠣᠯ ᠤᠨ ᠠᠭᠤᠯᠬᠤᠨ ᠢ ᠢᠯᠡᠷᠡᠭᠦᠯᠵᠦ᠂ ᠡᠷᠬᠢᠮ ᠨᠠᠨᠳᠢᠨ ᠥᠪ ᠬᠥᠷᠥᠩᠭᠡ ᠪᠣᠯᠬᠤ ᠶᠤᠮ᠃ ᠥᠯᠵᠡᠶᠢᠲᠦ ᠡᠭᠦᠯᠡ ᠶᠢᠨ ᠬᠡᠯᠪᠡᠷᠢ ᠳᠦᠷᠰᠦ ᠨᠢ ᠨᠢᠰᠬᠦ ᠰᠢᠪᠠᠭᠤ ᠲᠠᠢ ᠲᠥᠰᠲᠡᠶ᠃ ︽ᠱᠠᠩ︾ ᠦᠰᠦᠭ ᠤᠨ ᠳᠣᠤᠷ᠎ᠠ ᠬᠠᠭᠠᠰ ᠬᠡᠰᠡᠭ ᠨᠢ ᠬᠠᠳᠠᠭ ᠢᠶᠠᠷ ᠪᠦᠷᠢᠯᠳᠦᠭᠰᠡᠨ ︽e︾ ᠬᠡᠯᠪᠡᠷᠢ ᠶᠢᠨ ᠵᠢᠷᠤᠭ ᠳᠦᠷᠰᠦ ᠨᠢ ᠮᠣᠩᠭᠤᠯ ᠬᠤᠳᠠᠯᠳᠤᠭᠠᠴᠢᠳ ᠤᠨ ᠶᠡᠭᠡ ᠬᠤᠷᠠᠯ ᠨᠢ ᠢᠨᠲ᠋ᠧᠷ ᠰᠦᠯᠵᠢᠶ᠎ᠡ ᠪᠠᠷ ᠳᠠᠮᠵᠢᠨ ᠳᠡᠯᠡᠬᠡᠶ ᠳ᠋ᠠᠬᠢᠨ ᠲᠠᠢ ᠵᠠᠮ ᠨᠡᠶᠢᠯᠡᠵᠦ᠂ ᠮᠣᠩᠭᠤᠯ ᠬᠤᠳᠠᠯᠳᠤᠭᠠᠴᠢᠳ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠨ ᠤᠮᠠᠷᠠᠲᠤ ᠬᠢᠯᠢ ᠪᠠᠨ ᠪᠠᠬᠢᠵᠢᠭᠦᠯᠵᠦ᠂ ᠬᠥᠭᠵᠢᠯᠲᠡ ᠶᠢ ᠠᠬᠢᠭᠤᠯᠬᠤ ᠰᠠᠶᠢᠨ ᠰᠠᠶᠢᠬᠠᠨ ᠬᠦᠰᠡᠯ ᠡᠷᠡᠮᠡᠯᠵᠡᠯ ᠢ ᠪᠡᠯᠭᠡᠳᠡᠵᠦ ᠪᠠᠶᠢᠳᠠᠭ᠃       ᠲᠤᠰ ᠰᠦᠯᠳᠡ ᠨᠢ ᠠᠯᠲᠠᠨ ᠥᠩᠭᠡ ᠪᠠ ᠬᠥᠬᠡ ᠥᠩᠭᠡ ᠪᠠᠷ ᠭᠤᠤᠯᠯᠠᠵᠤ᠂ ᠠᠯᠲᠠᠨ‌ᠥᠩᠭᠡ ᠨᠢ ᠡᠳ᠋ ᠪᠠᠶᠠᠯᠢᠭ ᠢ ᠪᠡᠯᠭᠡᠳᠡᠨ᠂ ᠮᠣᠩᠭᠤᠯ ᠬᠤᠳᠠᠯᠳᠤᠭᠠᠴᠢᠳ ᠤᠨ ᠦᠨᠡᠨᠴᠢ ᠢᠲᠡᠭᠡᠮᠵᠢᠲᠡᠶ ᠪᠠᠶᠢᠬᠤ ᠶᠢ ᠪᠡᠯᠭᠡᠳᠡᠨ᠎ᠡ᠃ ᠬᠥᠬᠡ ᠥᠩᠭᠡ ᠨᠢ ᠮᠥᠩᠬᠡ ᠲᠩᠷᠢ ᠶᠢᠨ ᠪᠡᠯᠭᠡᠳᠡᠯ ᠪᠣᠯᠵᠤ᠂ ᠮᠣᠩᠭᠤᠯ ᠬᠤᠳᠠᠯᠳᠤᠭᠠᠴᠢᠳ ᠪᠠᠶᠢᠭᠠᠯᠢ ᠶᠢ ᠬᠦᠨᠳᠦᠳᠬᠡᠵᠦ᠂ ᠴᠢᠨᠠᠷ ᠰᠠᠶᠢᠲᠠᠶ ᠬᠥᠭᠵᠢᠯᠲᠡ ᠪᠠᠷ ᠳᠠᠮᠵᠢᠨ ᠬᠥᠮᠦᠨ ᠪᠣᠯᠤᠨ ᠪᠠᠶᠢᠭᠠᠯᠢ ᠶᠢᠨ ᠡᠶ᠎ᠡ ᠵᠣᠬᠢᠴᠠᠩᠭᠤᠶ ᠬᠠᠮᠲᠤ ᠣᠷᠣᠰᠢᠬᠤ ᠶᠢ ᠪᠡᠶᠡᠯᠡᠭᠦᠯᠬᠦ ᠶᠢ ᠪᠡᠯᠭᠡᠳᠡᠵᠦ ᠪᠠᠶᠢᠨ᠎ᠠ᠃       ᠬᠤᠷᠠᠯ ᠤᠨ ᠰᠦᠯᠳᠡ ᠨᠢ ︽ᠨᠡᠭᠡᠭᠡᠯᠲᠡ ᠲᠠᠢ ᠪᠠᠭᠲᠠᠭᠠᠮᠵᠢᠲᠠᠶ᠂ ᠦᠨᠡᠨᠴᠢ ᠢᠲᠡᠭᠡᠮᠵᠢᠲᠡᠶ ᠬᠠᠤᠯᠢ ᠴᠠᠭᠠᠵᠠ ᠶᠢ ᠰᠠᠬᠢᠬᠤ᠂ ᠶᠣᠰᠣ ᠵᠢᠷᠤᠮ ᠢ ᠡᠷᠬᠢᠮᠯᠡᠬᠦ᠂ ᠵᠣᠷᠢᠭᠲᠠᠶ ᠪᠠᠷ ᠰᠢᠨ᠎ᠡ ᠶᠢ ᠡᠭᠦᠳᠬᠦ᠂ ᠵᠣᠷᠢᠭᠲᠠᠶ ᠪᠠᠷ ᠲᠦᠷᠦᠭᠦᠯᠡᠬᠦ︾ ᠮᠣᠩᠭᠤᠯ ᠬᠤᠳᠠᠯᠳᠤᠭᠠᠴᠢᠨ ᠤ ᠵᠣᠷᠢᠭ ᠰᠠᠨᠠᠭ᠎ᠠ ᠶᠢ ᠪᠦᠬᠦᠯᠢ ᠴᠣᠭᠴᠠ ᠪᠠᠷ ᠢᠯᠡᠷᠡᠭᠦᠯᠵᠦ᠂ ᠶᠡᠭᠡ ᠬᠤᠷᠠᠯ ᠤᠨ ᠭᠤᠤᠯ ᠰᠡᠳᠦᠪ ᠲᠠᠢ ᠨᠢᠭᠲᠠ ᠤᠶᠠᠯᠳᠤᠪᠠ᠃
 
ᠢᠷᠡᠯᠲᠡ᠄ ᠲᠤᠭᠤᠷᠢᠭ ᠤᠨ ᠵᠠᠰᠠᠭ ᠤᠨ ᠤᠷᠳᠦᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号