ᠬᠠᠶᠢᠷᠤᠪ ᠤᠨ ᠲᠣᠬᠤᠢ ᠲᠣᠭᠤᠷᠢᠭ ᠲᠥᠷᠥᠯ ᠲᠡᠮᠳᠡᠭ ᠢ ᠣᠷᠣᠭᠤᠯᠤᠨ ᠠᠪᠴᠢᠷᠠᠬᠤ ᠪᠠᠨ ᠲᠦᠷᠭᠡᠳᠬᠡᠵᠦ ᠭᠤᠷᠪᠠᠳᠤᠭᠠᠷ ᠠᠵᠤ ᠦᠢᠯᠡᠰ ᠤᠨ ᠰᠢᠨ᠎ᠡ ᠠᠮᠢᠵᠢᠷᠠᠯ ᠤᠨ ᠬᠦᠴᠦᠨ ᠢ ᠪᠠᠳᠠᠷᠠᠭᠤᠯᠪᠠ
ᠨᠡᠶᠢᠲᠡᠯᠡᠭᠰᠡᠨ ᠴᠠᠭ᠄
2020-01-09
      2019 ᠣᠨ ᠳᠤ᠂ ᠬᠠᠶᠢᠷᠤᠪ ᠤᠨ ᠲᠣᠬᠤᠢ ᠲᠣᠭᠤᠷᠢᠭ ᠨᠢ ᠠᠷᠠᠯᠵᠢᠶ᠎ᠠ ᠬᠤᠳᠠᠯᠳᠤᠭᠠᠨ ᠤ ᠤᠶᠢᠯᠡᠴᠢᠯᠡᠭᠡᠨ ᠤ ᠭᠤᠤᠯᠳᠠᠯᠭ᠎ᠠ ᠲᠠᠢ ᠲᠥᠷᠥᠯ ᠵᠤᠶᠢᠯ ᠤᠨ ᠪᠦᠲᠦᠭᠡᠨ ᠪᠠᠶᠢᠭᠤᠯᠤᠯᠲᠠ ᠶᠢ ᠪᠥᠬᠦ ᠬᠦᠴᠦᠨ ᠢᠶᠠᠷ ᠢᠶᠠᠨ ᠠᠬᠢᠭᠤᠯᠵᠤ᠂ ᠲᠥᠷᠥᠯ ᠵᠤᠶᠢᠯ ᠤᠨ ᠨᠡᠷᠡᠲᠦ ᠲᠥᠷᠥᠯ ᠲᠡᠮᠳᠡᠭᠲᠦ ᠶᠢ ᠣᠷᠣᠭᠤᠯᠤᠨ ᠠᠪᠴᠢᠷᠠᠬᠤ ᠡᠷᠴᠢᠮ ᠢᠶᠠᠨ ᠦᠷᠭᠦᠯᠵᠢᠯᠡᠨ ᠴᠢᠩᠭᠠᠷᠠᠭᠤᠯᠵᠤ᠂ ᠰᠢᠨ᠎ᠡ ᠬᠡᠯᠪᠡᠷᠢ ᠶᠢ ᠳᠠᠭᠠᠵᠤ᠂ ᠵᠠᠬ᠎ᠠ ᠳᠡᠯᠭᠡᠭᠦᠷᠴᠢᠯᠡᠨ ᠠᠵᠢᠯᠯᠠᠬᠤ ᠵᠠᠭᠪᠤᠷ ᠢ ᠪᠠᠷᠢᠮᠲᠠᠯᠠᠵᠤ᠂ ᠠᠷᠠᠯᠵᠢᠶ᠎ᠠ ᠬᠤᠳᠠᠯᠳᠤᠭᠠᠨ ᠤ ᠠᠵᠤ ᠠᠬᠤᠶᠢᠯᠠᠯ ᠢ ᠢᠳᠡᠪᠬᠢᠲᠡᠶ ᠪᠠᠷ ᠬᠥᠲᠥᠯᠥᠨ ᠵᠢᠯᠣᠭᠤᠳᠴᠤ ᠪᠠᠶᠢᠭᠠᠳ ᠪᠠᠶᠠᠷ ᠳᠤᠷᠠᠰᠬᠠᠯ ᠵᠡᠷᠭᠡ ᠠᠵᠠ ᠲᠣᠬᠢᠶᠠᠯ ᠢ ᠠᠮᠵᠢᠵᠤ᠂ ᠣᠯᠠᠨ ᠵᠤᠶᠢᠯ ᠤᠨ ᠬᠡᠯᠪᠡᠷᠢ ᠮᠠᠶ᠋ᠢᠭ ᠤᠨ ᠬᠡᠷᠡᠭᠯᠡᠭᠡ ᠶᠢ ᠠᠬᠢᠭᠤᠯᠬᠤ ᠠᠵᠢᠯᠯᠠᠭ᠎ᠠ ᠶᠢ ᠥᠷᠨᠢᠭᠦᠯᠦᠨ᠎ᠡ᠃ᠡᠭᠦᠨ ᠤ ᠳᠤ ᠬᠠᠮᠲᠤ᠂ ᠣᠳᠣ ᠦᠶ᠎ᠡ ᠶᠢᠨ ᠤᠶᠢᠯᠡᠴᠢᠯᠡᠭᠡᠨ ᠤ ᠦᠢᠯᠡᠰ ᠤᠨ ᠬᠥᠭᠵᠢᠯᠲᠡ ᠶᠢᠨ ᠲᠦᠪᠰᠢᠨ ᠢ ᠳᠡᠭᠡᠭᠰᠢᠯᠡᠭᠦᠯᠬᠦ ᠶᠢ ᠴᠢᠬᠤᠯᠠᠴᠢᠯᠠᠵᠤ᠂ ᠣᠷᠣᠨ ᠪᠦᠰᠡ ᠶᠢᠨ ᠲᠥᠪ ᠤᠨ ᠨᠥᠯᠥᠭᠡᠯᠡᠬᠦ ᠴᠢᠳᠠᠪᠤᠷᠢ ᠶᠢ ᠲᠠᠰᠤᠷᠠᠯᠲᠠ ᠥᠬᠡᠶ ᠳᠡᠭᠡᠭᠰᠢᠯᠡᠭᠦᠯᠵᠦ᠂ ᠭᠤᠷᠪᠠᠳᠤᠭᠠᠷ ᠠᠵᠤ ᠦᠢᠯᠡᠰ ᠤᠨ ᠤᠶᠢᠯᠡᠴᠢᠯᠡᠭᠡᠨ ᠤ ᠦᠢᠯᠡᠰ ᠤᠨ ᠡᠷᠡᠭᠦᠯ ᠢᠶᠠᠷ ᠬᠥᠭᠵᠢᠬᠦ ᠶᠢ ᠠᠬᠢᠭᠤᠯᠤᠨ᠎ᠠ᠃      ᠲᠥᠷᠥᠯ ᠵᠤᠶᠢᠯ ᠤᠨ ᠪᠦᠲᠦᠭᠡᠨ ᠪᠠᠶᠢᠭᠤᠯᠤᠯᠲᠠ ᠳᠤ ᠬᠤᠷᠳᠤᠨ ᠮᠣᠷᠢᠨ ᠤ ᠲᠠᠰᠢᠭᠤᠷ ᠨᠡᠮᠡᠵᠦ ᠮᠣᠷᠳᠠᠬᠤ ᠪᠠᠷ ᠪᠡᠯᠡᠬᠡᠨ ᠪᠠᠶᠢᠨ᠎ᠠ      ᠪᠣᠳᠠᠰ ᠤᠨ ᠭᠦᠢᠯᠭᠡᠭᠡᠨ ᠤ ᠦᠢᠯᠡᠰ ᠤᠨ ᠴᠢᠨᠠᠷ  ᠢ ᠳᠡᠭᠡᠭᠰᠢᠯᠡᠭᠦᠯᠦᠨ ᠬᠥᠭᠵᠢᠭᠦᠯᠬᠦ ᠲᠣᠭᠤᠷᠢᠨ ᠳᠤ᠂ ᠶᠡᠷᠦᠩᠬᠡᠢ ᠪᠡᠯᠡ ᠣᠷᠣᠭᠤᠯᠤᠯᠲᠠ ᠨᠢ ᠪᠠᠷᠤᠭ 5 ᠳ᠋ᠦᠩᠰᠢᠭᠤᠷ ᠲᠥᠭᠦᠷᠢᠭ ᠲᠤ ᠬᠦᠷᠴᠦ᠂ ᠨᠢᠭᠡᠳᠦᠭᠡᠷ ᠨᠣᠮᠧᠷᠲᠤ ᠪᠣᠳᠠᠰ ᠤᠨ ᠭᠦᠢᠯᠭᠡᠭᠡᠨ ᠤ ᠵᠠᠰᠠᠮᠠᠯ ᠵᠠᠮ ᠤᠨ ᠭᠠᠷᠠᠮ ᠤᠨ ᠲᠥᠷᠥᠯ ᠵᠦᠢᠯ ᠢ ᠡᠬᠢᠯᠡᠨ ᠬᠡᠷᠡᠭᠵᠢᠭᠦᠯᠵᠦ᠂ ᠦᠬᠠᠶ ᠵᠢᠴᠢ ᠡᠷᠭᠢᠨ ᠲᠣᠭᠤᠷᠢᠨ ᠤ ᠠᠩᠬᠠᠳᠠᠭᠴᠢ ᠴᠢᠳᠠᠪᠬᠢᠲᠤ ᠪᠣᠳᠠᠰ ᠤᠨ ᠭᠦᠢᠯᠭᠡᠭᠡᠨ ᠤ ᠬᠦᠷᠢᠶᠡᠯᠡᠩ ᠲᠣᠭᠤᠷᠢᠭ ᠢ ᠬᠦᠴᠦᠯᠡᠨ ᠪᠠᠶᠢᠭᠤᠯᠵᠤ᠂ ᠣᠳᠣᠬᠠᠨ ᠳᠤ ᠲᠥᠷᠥᠯ ᠵᠦᠢᠯ ᠤᠨ ᠨᠢᠭᠡᠳᠦᠭᠡᠷ ᠬᠤᠭᠤᠴᠠᠭᠠᠨ ᠳᠤ ᠭᠠᠵᠠᠷ ᠬᠡᠷᠡᠭᠯᠡᠬᠦ ᠡᠭᠦᠷᠭᠡ ᠪᠠᠨ ᠪᠡᠶᠡᠯᠡᠭᠦᠯᠪᠡ᠃ ᠴᠠᠬᠢᠯᠭᠠᠨ ᠬᠦᠴᠦᠨ ᠤ ᠣᠯᠠᠨ ᠴᠢᠳᠠᠮᠵᠢᠲᠤ ᠪᠣᠳᠠᠲᠠᠶ ᠪᠣᠯᠪᠠᠰᠤᠷᠠᠭᠤᠯᠤᠯ ᠤᠨ ᠰᠠᠭᠤᠷᠢᠨ ᠭᠠᠵᠠᠷ᠂ ᠳ᠋ᠧ ᠱᠦᠨ ᠲᠣᠮᠣ ᠠᠰᠠᠷ᠂ ᠬᠡᠲᠦ ᠥᠨᠳᠥᠷ ᠬᠦᠴᠦᠳᠡᠯᠲᠦ ᠴᠠᠬᠢᠯᠭᠠᠨ ᠬᠠᠩᠭᠠᠬᠤ ᠲᠣᠪᠴᠢᠶ᠎ᠠ ᠶᠢᠨ ᠤᠶᠢᠯᠡᠤᠡᠪᠤᠷᠢᠯᠡᠯ ᠤᠨ ᠵᠢᠯᠣᠭᠤᠳᠬᠤ ᠲᠥᠪ᠂ ᠪᠥᠸᠧ ᠯᠢᠨ ᠬᠠᠨ ᠪᠠᠭᠤᠳᠠᠯ᠂ ᠰᠠᠢ ᠰᠢᠩ ᠠᠮᠤ ᠪᠤᠳᠠᠭ᠎ᠠ ᠬᠥᠮᠥᠷᠭᠡᠯᠡᠨ ᠬᠠᠳᠠᠭᠠᠯᠠᠬᠤ ᠵᠡᠷᠭᠡ ᠲᠥᠷᠥᠯ ᠵᠤᠶᠢᠯ ᠦᠷᠭᠦᠯᠵᠢᠯᠡᠨ ᠠᠬᠢᠪᠠ᠃       ᠪᠥᠬᠦ ᠬᠤᠲᠠ ᠶᠢᠨ ᠠᠩᠬᠠᠳᠠᠭᠴᠢ ᠵᠢᠷᠤᠮᠵᠢᠭᠰᠠᠨ ᠬᠠᠭᠤᠴᠢᠨ ᠮᠠᠰᠢᠨ ᠲᠡᠷᠭᠡᠨ ‍ᠤ‌ᠠᠷᠠᠯᠵᠢᠶᠠᠨ ᠤ  ᠪᠦᠲᠦᠭᠡᠨ ᠪᠠᠶᠢᠭᠤᠯᠤᠯᠲᠠ ᠶᠢᠨ ᠲᠥᠷᠥᠯ ᠵᠤᠶᠢᠯ ᠢ ᠡᠬᠢᠯᠡᠭᠦᠯᠪᠡ᠄ ᡁᠢ ᠾᠧ ᠬᠠᠭᠤᠴᠢᠨ‌ᠮᠠᠰᠢᠨ ᠲᠡᠷᠭᠡᠨ ᠤ ᠲᠥᠷᠥᠯ ᠵᠤᠶᠢᠯ ᠨᠢ ᠢᠯᠴᠢ ᠴᠠᠬᠢᠯᠭᠠᠨ ᠤ ᠤᠶᠢᠯᠡᠤᠡᠪᠤᠷᠢ ᠳᠤ ᠪᠠᠶᠢᠷᠢᠯᠠᠵᠤ᠂ 35 ᠮᠤ᠋ ᠭᠠᠵᠠᠷ ᠡᠵᠡᠯᠡᠵᠦ᠂ ᠶᠡᠷᠦᠩᠬᠡᠶ ᠪᠠᠯᠠ ᠣᠷᠣᠭᠤᠯᠤᠯᠲᠠ ᠨᠢ ᠪᠠᠷᠤᠭ 4000 ᠲᠦᠮᠡᠨ ᠲᠥᠭᠦᠷᠢᠭ ᠪᠠᠶᠢᠵᠤ᠂ ᠣᠳᠣᠬᠠᠨ ᠳᠤ ᠭᠠᠵᠠᠷ ᠰᠢᠷᠣᠶ ᠶᠢᠨ ᠲᠥᠯᠥᠪᠵᠢᠭᠦᠯᠭᠡ ᠶᠢᠨ ᠭᠠᠷᠳᠠᠮ ᠢ ᠨᠢᠭᠡᠨᠲᠡ ᠭᠦᠢᠴᠠᠤᠡᠭᠡᠵᠤ ᠳᠠᠭᠤᠰᠬᠠᠪᠠ᠃      ᠨᠠᠷᠠᠲᠤ ᠲᠥᠷᠥᠯ ᠲᠡᠮᠳᠡᠭ ᠢ ᠣᠷᠣᠭᠤᠯᠤᠨ ᠠᠪᠴᠢᠷᠠᠵᠤ ᠬᠡᠷᠡᠭᠴᠡᠭᠡ ᠶᠢ ᠬᠠᠩᠭᠠᠵᠤ ᠬᠤᠭᠤᠰᠣᠨ ᠢ ᠨᠥᠬᠦᠪᠥᠷᠢᠯᠡᠬᠦ      ︽ᠬᠡᠷᠡᠭᠴᠡᠭᠡ ᠱᠠᠭᠠᠷᠳᠠᠯᠭ᠎ᠠ ᠶᠢ ᠬᠠᠩᠭᠠᠵᠤ᠂ ᠬᠤᠭᠤᠰᠣᠨ ᠢ ᠨᠥᠬᠦᠪᠥᠷᠢᠯᠡᠬᠦ︾᠎ ᠪᠠᠷ ᠭᠤᠤᠯ ᠰᠡᠳᠬᠢᠴᠡ ᠪᠣᠯᠭᠠᠨ᠂ ᠤᠯᠤᠰ  ‍ᠤᠨ‌‍ᠲ᠋ᠣᠲᠣᠭᠠᠳᠤ ᠭᠠᠳᠠᠭᠠᠳᠤ ᠵᠢᠨ‌ᠨᠡᠷᠡᠲᠦ ᠬᠤᠳᠠᠯᠳᠤᠭ᠎ᠠ ᠠᠷᠠᠯᠵᠢᠶᠠᠨ ᠤ ᠤᠶᠢᠯᠡᠴᠢᠯᠡᠭᠡᠨ ᠤ ᠦᠢᠯᠡᠰ ᠤᠨ ᠲᠥᠷᠥᠯ ᠲᠡᠮᠳᠡᠭ︵ᠲᠥᠷᠥᠯ ᠵᠤᠶᠢᠯ︶᠎ ᠢ ᠢᠳᠡᠪᠬᠢᠲᠡᠶ ᠪᠠᠷ ᠣᠷᠣᠭᠤᠯᠵᠤ ᠢᠷᠡᠨ᠂ ᠠᠩᠬᠠᠳᠠᠭᠴᠢ ᠵᠢᠭᠤᠯᠴᠢᠯᠠᠯ ᠤᠨ ᠵᠢᠶᠠᠨ ᠭᠦᠸᠧ ᠪᠠᠭᠤᠳᠠᠯ ᠤᠨ ᠲᠥᠷᠥᠯ ᠲᠡᠮᠳᠡᠭ ᠬᠠᠶᠢᠷᠤᠪ ᠤᠨ ᠲᠣᠬᠤᠢ ᠲᠣᠭᠤᠷᠢᠭ ᠲᠤ ᠭᠡᠷ᠎ᠡ ᠲᠣᠭᠲᠠᠵᠤ ᠰᠠᠭᠤᠷᠢᠰᠢᠪᠠ᠃      ᠬᠤᠳᠠᠯᠳᠤᠭ᠎ᠠ ᠪᠠᠷ ᠬᠤᠳᠠᠯᠳᠤᠭᠠᠴᠢᠨ ᠤᠷᠢᠬᠤ ᠵᠡᠷᠭᠡ ᠬᠡᠯᠪᠡᠷᠢ ᠪᠠᠷ ᠳᠠᠮᠵᠢᠭᠤᠯᠤᠨ᠂ 2019 ᠣᠨ ᠳᠤ ᠲᠣᠰ ᠭᠠᠵᠠᠷ ᠤᠨ ᠬᠤᠭᠤᠰᠣᠨ ᠪᠠᠶᠢᠭ᠎ᠠ ᠭᠡᠷ ᠤᠨ ᠡᠳ᠋ᠯᠡᠯ ᠬᠡᠷᠡᠭᠰᠡᠯ᠂ ᠢᠳᠡᠭᠡᠨ ᠤᠮᠳᠠᠭᠠᠨ᠂ ᠰᠡᠯᠡᠭᠦᠴᠡᠯ᠂ ᠬᠤᠪᠴᠠᠰᠤ ᠬᠤᠨᠠᠷ ᠵᠡᠷᠭᠡ ᠬᠤᠳᠠᠯᠳᠤᠭᠠᠨ ᠤ ᠨᠡᠷᠡᠲᠦ ᠲᠥᠷᠥᠯ ᠲᠡᠮᠳᠡᠭᠲᠦ ᠶᠢᠨ ᠵᠢᠵᠢᠭᠯᠡᠨ ᠬᠤᠳᠠᠯᠳᠤᠬᠤ ᠲᠣᠤᠷ ᠴᠢᠭ ᠢ 50᠎ ᠶᠢ ᠰᠢᠨ᠎ᠡ ᠪᠠᠷ ᠣᠷᠣᠭᠤᠯᠪᠠ᠃      ᠵᠡᠷᠭᠡᠪᠡᠷ ᠠᠳᠬᠤᠵᠤ ︽ᠬᠤᠤᠰ ᠬᠤᠲᠠ ᠬᠤᠯᠪᠣᠭᠠᠯᠠᠨ ᠡᠭᠦᠳᠬᠦ︾ ᠠᠵᠢᠯ ᠳᠤ ᠬᠦᠴᠦᠨ ᠨᠡᠮᠡᠷᠢᠯᠡᠨ᠎ᠡ       ᠬᠠᠶᠢᠷᠤᠪ ᠤᠨ ᠲᠣᠬᠤᠢ ᠲᠣᠭᠤᠷᠢᠭ ᠬᠠᠷᠢᠶ᠎ᠠ ᠣᠷᠣᠨ ᠤ ᠬᠡᠪᠴᠢᠶᠡᠨ ᠳᠠᠬᠢ ᠬᠤᠳᠠᠯᠳᠤᠭᠠᠨ ᠤ ᠳᠡᠯᠭᠡᠭᠦᠷ ᠤᠨ ᠬᠡᠲᠦ ᠳᠡᠯᠭᠡᠭᠦᠷ ᠲᠤ ᠡᠭᠦᠷᠭᠡ ᠶᠢᠨ ᠵᠠᠳᠠᠯᠤᠯᠲᠠ ᠬᠢᠵᠦ᠂ ᠲᠣᠭᠲᠠᠭᠰᠠᠨ ᠬᠤᠭᠤᠴᠠᠭ᠎ᠠ ᠲᠠᠢ ᠪᠠᠷ ᠲᠣᠭᠤᠷᠢᠨ ᠪᠠᠶᠢᠴᠠᠭᠠᠯᠲᠠ ᠬᠢᠵᠦ᠂ ᠠᠰᠠᠭᠤᠳᠠᠯ ᠪᠠᠶᠢᠬᠤ ᠶᠢ ᠣᠯᠵᠤ ᠮᠡᠳᠡᠪᠡᠯ ᠴᠠᠭ ᠲᠤᠬᠠᠶ ᠳᠤᠨᠢ ᠴᠡᠭᠴᠡᠯᠡᠨ ᠰᠠᠶᠢᠵᠢᠷᠠᠭᠤᠯᠵᠤ ᠨᠠᠶᠢᠳᠠᠪᠤᠷᠢᠵᠢᠭᠤᠯᠬᠤ᠂ ᠤᠨ ᠤ ︽ᠬᠤᠣᠰ ᠬᠤᠲᠠ ᠶᠢ ᠬᠤᠯᠪᠣᠭᠠᠯᠠᠨ ᠡᠭᠦᠳᠬᠦ︾ ᠠᠵᠢᠯ ᠢ ᠲᠡᠭᠦᠰ ᠠᠮᠵᠢᠯᠲᠠ ᠲᠠᠢ ᠪᠡᠶᠡᠯᠡᠭᠦᠯᠬᠦ ᠶᠢ ᠪᠠᠲᠤᠯᠠᠪᠠ᠃       ᠬᠠᠷᠢᠶ᠎ᠠ ᠣᠷᠣᠨ ᠤ ᠳᠠᠬᠢᠯᠲᠠ ᠡᠬᠢ ᠪᠠᠶᠠᠯᠢᠭ ᠤᠨ ᠡᠵᠡᠩᠨᠡᠯᠲᠡ ᠶᠢᠨ ᠲᠣᠣᠷ ᠴᠢᠭ ᠢ ᠲᠥᠪᠯᠡᠷᠡᠭᠦᠯᠦᠨ ᠴᠡᠭᠴᠡᠯᠡᠨ ᠵᠠᠰᠠᠬᠤ ᠠᠵᠢᠯ ᠢ ᠥᠷᠨᠢᠭᠦᠯᠵᠦ᠂ ᠤᠰᠤᠨ ᠣᠷᠣᠨ ᠵᠢᠴᠢ ᠡᠷᠭᠢᠨ ᠲᠣᠭᠤᠷᠢᠨ ᠤ ᠬᠤᠶᠠᠷ ᠺᠢᠯᠤᠮᠧᠲᠷ ᠤᠨ ᠬᠡᠪᠴᠢᠶᠡᠨ ᠳᠣᠲᠣᠷᠠᠬᠢ ᠳᠠᠬᠢᠯᠲᠠ ᠡᠬᠢ ᠪᠠᠶᠠᠯᠢᠭ ᠢ ᠡᠭᠡᠭᠦᠯᠦᠨ ᠬᠤᠷᠢᠶᠠᠬᠤ 114 ᠥᠷᠲᠡᠭᠡ ᠴᠢᠭ ᠢ ᠢᠯᠭᠠᠷᠠᠭᠤᠯᠤᠨ ᠴᠡᠭᠴᠡᠯᠡᠨ ᠵᠠᠰᠠᠬᠤ ᠠᠵᠢᠯ ᠢ ᠪᠡᠶᠡᠯᠡᠭᠦᠯᠦᠭᠰᠡᠨ ᠤ ᠬᠠᠮᠲᠤ ᠬᠠᠤᠯᠢ ᠶᠣᠰᠣᠭᠠᠷ ᠦᠵᠡᠭᠳᠡᠯ ᠲᠤ ᠦᠷᠭᠦᠯᠵᠢᠯᠡᠨ ᠴᠣᠬᠢᠯᠲᠠ ᠥᠭᠴᠦ᠂ ᠴᠡᠭᠴᠡᠯᠡᠨ ᠵᠠᠰᠠᠭᠰᠠᠨ ᠦᠷ᠎ᠡ ᠪᠦᠲᠦᠭᠡᠯ ᠢ ᠪᠠᠬᠢᠵᠢᠭᠦᠯᠦᠭᠰᠡᠨ ᠪᠠᠶᠢᠨ᠎ᠠ᠃       ᠳᠠᠷᠠᠭᠠᠴᠢ ᠶᠢᠨ ᠠᠯᠬᠤᠮ ᠳᠤ᠂ ᠬᠠᠶᠢᠷᠤᠪ ᠤᠨ ᠲᠣᠬᠤᠢ ᠲᠣᠭᠤᠷᠢᠭ ᠣᠳᠣ ᠦᠶ᠎ᠡ ᠶᠢᠨ ᠤᠶᠢᠯᠡᠴᠢᠯᠡᠭᠡᠨ ᠤ ᠤᠶᠢᠯᠡᠰ ᠢ ᠦᠷᠭᠦᠯᠵᠢᠯᠡᠨ ᠶᠡᠬᠡᠪᠡᠷ ᠬᠥᠭᠵᠢᠭᠦᠯᠦᠨ᠎ᠡ᠃ᠦᠬᠠᠶ ᠬᠤᠶᠢᠲᠤ ᠥᠷᠲᠡᠭᠡ ᠶᠢᠨ ᠲᠡᠮᠦᠷ ᠵᠠᠮ ᠤᠨ ᠪᠠᠷᠠᠭ᠎ᠠ ᠶᠢᠨ ᠭᠦᠢᠯᠭᠡᠭᠡᠨ ᠤ ᠬᠦᠷᠢᠶᠡᠯᠡᠩ ᠤᠨ ᠲᠣᠭᠤᠷᠢᠨ ᠳᠤ ᠬᠤᠶᠠᠳᠤᠭᠠᠷ ᠲᠡᠰ ᠤᠨ ᠪᠠᠷᠠᠭ᠎ᠠ ᠶᠢᠨ ᠭᠦᠢᠯᠭᠡᠭᠡᠨ ᠢ ᠬᠥᠭᠵᠢᠭᠦᠯᠵᠦ᠂ ᠵᠠᠰᠠᠮᠠᠯ ᠵᠠᠮ ᠤᠨ ᠪᠠᠷᠠᠭ᠎ᠠ ᠶᠢᠨ ᠭᠦᠢᠯᠭᠡᠭᠡᠨ ᠤ ᠭᠠᠷᠠᠮ ᠤᠨ ᠲᠥᠷᠥᠯ ᠵᠤᠶᠢᠯ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠵᠤ᠂ ︽ᠢᠨᠲ᠋ᠧᠷ ᠰᠦᠯᠵᠢᠶ᠎ᠡ+ᠪᠠᠷᠠᠭ᠎ᠠ ᠵᠢᠨ‌‍ᠭᠦ᠋ᠢᠯᠭᠡᠭᠡᠨ︾᠎ ᠤ ᠰᠢᠨ᠎ᠡ‌ᠡᠵᠡᠩᠨᠡᠯᠲᠡ ᠶᠢᠨ ᠪᠠᠶᠢᠳᠠᠯ ᠢ ᠢᠳᠡᠪᠬᠢᠲᠡᠢ ᠪᠤᠶᠢᠵᠢᠭᠤᠯᠤᠨ᠎ᠠ᠃ ᠥᠪᠡᠷᠲᠡᠭᠡᠨ ᠵᠠᠰᠠᠬᠤ ᠣᠷᠣᠨ ᠤ ᠪᠥᠬᠦ ᠣᠷᠣᠨ ᠪᠦᠰᠡ ᠶᠢᠨ ᠵᠢᠭᠤᠯᠴᠢᠯᠠᠯ ᠤᠨ ᠵᠢᠱᠢᠶ᠎ᠡ ᠦᠵᠡᠭᠦᠯᠬᠦ ᠣᠷᠣᠨ ᠢ ᠡᠭᠦᠳᠦᠨ ᠪᠠᠶᠢᠭᠤᠯᠬᠤ ᠪᠠᠷ ᠭᠠᠷᠲᠠᠨ ᠪᠣᠯᠭᠠᠵᠤ᠂ ᠪᠣᠳᠠᠲᠠᠶ ᠪᠠᠶᠢᠳᠠᠯ ᠳᠤ ᠰᠠᠭᠤᠷᠢᠯᠠᠨ ᠵᠢᠭᠤᠯᠴᠢᠯᠠᠯ ᠤᠨ ᠲᠥᠷᠥᠯ ᠵᠤᠶᠢᠯ ᠢ ᠬᠥᠭᠵᠢᠭᠦᠯᠵᠦ᠂ ᠮᠦᠩᠭᠡᠨ ᠬᠤᠸᠠᠷ᠂ ᠶᠢᠨ ᠱᠠ ᠸᠠᠨ ᠵᠡᠷᠭᠡ ᠵᠢᠭᠤᠯᠴᠢᠯᠠᠯ ᠤᠨ ᠠᠵᠤ ᠠᠬᠤᠶᠢᠯᠠᠯ ᠤᠨ ᠪᠤᠵᠠᠭᠠᠶᠢᠷᠠᠨ ᠬᠦᠴᠦᠷᠬᠡᠭᠵᠢᠬᠦ ᠶᠢ ᠲᠡᠳᠬᠦᠨ᠂ ᠵᠢᠵᠢᠭ ᠪᠢᠴᠢᠯ ᠵᠢᠭᠤᠯᠴᠢᠯᠠᠯ ᠤᠨ ᠠᠵᠤ ᠠᠬᠤᠶᠢᠯᠠᠯ ᠢ ᠬᠥᠲᠥᠯᠥᠨ ᠵᠢᠯᠣᠭᠤᠳᠴᠤ ᠪᠠᠶᠢᠭᠠᠳ ᠭᠡᠷ ᠪᠦᠯᠢ ᠶᠢᠨ ᠵᠢᠭᠤᠯᠴᠢᠯᠠᠯ᠂ ᠭᠠᠷᠠᠭ ᠤᠨ ᠰᠡᠭᠦᠯᠴᠢ ᠶᠢᠨ ᠵᠢᠭᠤᠯᠴᠢᠯᠠᠯ ᠢ ᠢᠳᠡᠪᠬᠢᠲᠡᠢ ᠬᠥᠭᠵᠢᠭᠦᠯᠦᠨ᠎ᠡ᠃ ᠬᠠᠶᠢᠷᠤᠪ ᠤᠨ ᠲᠣᠬᠤᠢ ᠲᠣᠭᠤᠷᠢᠭ ᠨᠢ ᠪᠠᠰᠠ ᠬᠤᠭᠤᠰᠣᠨ ᠢ ᠨᠥᠬᠦᠪᠥᠷᠢᠯᠡᠬᠦ ᠠᠷᠠᠯᠵᠢᠶ᠎ᠠ ᠬᠤᠳᠠᠯᠳᠤᠭᠠᠨ ᠤ ᠲᠥᠷᠥᠯ ᠲᠡᠮᠳᠡᠭ ᠢ ᠭᠤᠤᠯᠳᠠᠯᠭ᠎ᠠ ᠲᠠᠢ ᠣᠷᠣᠭᠤᠯᠵᠤ᠂ ᠤᠯᠠᠮᠵᠢᠯᠠᠯᠲᠤ ᠠᠷᠠᠯᠵᠢᠶ᠎ᠠ ᠬᠤᠳᠠᠯᠳᠤᠭᠠᠨ ᠤ ᠵᠢᠵᠢᠭᠯᠡᠨ ᠬᠤᠳᠠᠯᠳᠤᠬᠤ ᠠᠵᠤ ᠠᠬᠤᠶᠢᠯᠠᠯ ᠢ ᠬᠥᠲᠥᠯᠥᠨ ᠵᠢᠯᠣᠭᠤᠳᠴᠤ ᠪᠠᠶᠢᠭᠠᠤᠡ ᠵᠠᠬ᠎ᠠ ᠳᠡᠯᠭᠡᠭᠦᠷ ᠤᠨ ᠬᠤᠪᠢᠷᠠᠯᠲᠠ ᠳᠤ ᠵᠣᠬᠢᠴᠠᠭᠤᠯᠵᠤ᠂ ᠬᠤᠲᠠ ᠶᠢᠨ ᠠᠷᠠᠳ ᠤᠨ ᠬᠡᠷᠡᠭᠯᠡᠭᠡᠨ ᠤ ᠳᠡᠰ ᠳᠡᠪᠰᠢᠬᠦ ᠰᠢᠨ᠎ᠡ ᠬᠡᠷᠡᠭᠴᠡᠭᠡ ᠱᠠᠭᠠᠷᠳᠠᠯᠭ᠎ᠠ ᠶᠢ ᠲᠠᠰᠤᠷᠠᠯᠲᠠ ᠥᠬᠡᠶ ᠬᠠᠩᠭᠠᠬᠤ ᠪᠣᠯᠤᠨ᠎ᠠ᠃
 
ᠢᠷᠡᠯᠲᠡ᠄ ᠲᠤᠭᠤᠷᠢᠭ ᠤᠨ ᠵᠠᠰᠠᠭ ᠤᠨ ᠤᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号