ᠠᠳᠤᠭᠤᠨ ᠤ ᠬᠠᠯᠳᠠᠪᠤᠷᠢᠳᠦ ᠬᠢᠮᠤᠷᠠᠭ᠎ᠠ ᠪᠤᠯ ᠸᠢᠷᠦ᠋ᠰ ᠠᠴᠠ ᠪᠤᠯᠤᠬᠰᠠᠨ ᠲᠦᠷᠭᠡᠨ ᠴᠢᠨᠠᠷ ᠲᠠᠢ ᠪᠦᠭᠡᠳ | ᠬᠠᠯᠠᠭᠤᠨ ᠴᠢᠨᠠᠷ ᠲᠠᠢ ᠠᠮᠢᠰᠬᠤᠯ ᠤᠨ ᠰᠦᠪᠡ ᠶᠢᠨ ᠬᠠᠯᠳᠠᠪᠤᠷᠢᠳᠦ ᠡᠪᠡᠳᠴᠢᠨ ᠶᠤᠮ᠃ ᠡᠮᠴᠢᠯᠡᠭᠡᠨ ᠳᠠᠬᠢ ᠭᠤᠤᠯ | ᠪᠤᠯᠬᠤ ᠤᠨᠴᠠᠯᠢᠬ ᠪᠤᠯ ᠬᠠᠯᠠᠭᠤᠷᠠᠬᠤ᠂ ᠬᠠᠨᠢᠶᠠᠬᠤ ᠪᠠ ᠨᠢᠳᠦ᠂ ᠬᠠᠮᠠᠷ ᠲᠤ ᠰᠠᠯᠢᠰᠤᠯᠢᠬ ᠴᠢᠨᠠᠷ ᠲᠠᠢ ᠦᠷᠪᠢᠰᠤᠯ | ᠡᠬᠦᠰᠳᠡᠭ᠃ ᠵᠠᠷᠢᠮ ᠤᠨ ᠬᠢᠨᠢ ᠰᠠᠮᠰᠢᠭᠤ ᠶᠢᠨ ᠰᠦᠪᠡ ᠳᠤ ᠪᠠᠰᠠ ᠬᠦᠨᠳᠦ ᠰᠦᠷᠡᠭᠡᠢ ᠦᠷᠪᠢᠰᠤᠯ ᠡᠬᠦᠰᠳᠡᠭ | ᠪᠠᠶᠢᠨ᠎ᠠ᠃ ᠳᠡᠯᠡᠭᠡᠢ ᠶᠢᠨ ᠨᠠᠯᠢᠶᠡᠳ ᠤᠯᠠᠨ ᠤᠯᠤᠰ ᠲᠤ ᠪᠦᠷ ᠳᠤᠰ ᠡᠪᠡᠳᠴᠢᠨ ᠳᠡᠯᠭᠡᠷᠡᠵᠦ ᠪᠤᠢ᠃ ᠲᠦᠷᠦᠬᠦᠦ | ᠭᠡᠳᠤᠨ ᠵᠢᠯ ᠮᠠᠨ ᠤ ᠤᠯᠤᠰ ᠲᠤ ᠪᠠᠰᠠ ᠡᠶᠢᠮᠦ ᠡᠪᠡᠳᠴᠢᠨ ᠡᠬᠦᠰᠦᠭᠰᠡᠨ ᠶᠤᠮ᠃ ᠡᠪᠡᠳᠴᠢᠨ ᠤ ᠡᠬᠦᠰᠪᠦᠷᠢ ᠨᠢ | ᠬᠠᠯᠳᠠᠪᠤᠷᠢᠳᠦ ᠬᠢᠮᠤᠷᠠᠭ᠎ᠠ ᠶᠢᠨ ᠸᠢᠷᠦ᠋ᠰ ᠪᠤᠯᠤᠨ᠎ᠠ᠃ | ᠡᠰᠡᠷᠬᠦ ᠲᠦᠷᠦᠬᠦᠯᠦᠭᠴᠢ ᠶᠢ ᠦᠪᠡᠷᠮᠢᠴᠠ ᠴᠢᠨᠠᠷ ᠤᠨ ᠠᠳᠠᠯᠢ ᠪᠤᠰᠦ ᠶᠢ ᠦᠨᠳᠦᠰᠦᠯᠡᠵᠦ᠂ ᠬᠠᠯᠳᠠᠪᠤᠷᠢᠳᠦ | ᠬᠢᠮᠤᠷᠠᠭ᠎ᠠ ᠶᠢᠨ ᠸᠢᠷᠦ᠋ᠰ ᠢ A᠂ B᠂ C᠂ ᠭᠤᠷᠪᠠᠨ ᠭᠡᠯᠪᠡᠷᠢ ᠬᠤᠪᠢᠶᠠᠳᠠᠬ᠃ ᠡᠬᠦᠨ ᠤ A ᠭᠡᠯᠪᠡᠷᠢᠳᠦ | ᠸᠢᠷᠦ᠋ᠰ ᠤᠨ ᠭᠠᠳᠠᠷᠭᠤ ᠳᠠᠬᠢ ᠡᠰᠡᠷᠬᠦ ᠲᠦᠷᠦᠬᠦᠯᠦᠭᠴᠢ ᠶᠢᠨ ᠪᠦᠷᠢᠯᠳᠤᠬᠦᠨ ᠪᠤᠳᠤᠯᠢᠶᠠᠨᠳᠠᠢ ᠮᠦᠷᠳᠡᠭᠡᠨ | ᠳᠤᠬᠳᠠᠪᠤᠷᠢ ᠦᠭᠡᠢ᠂ ᠠᠮᠠᠷᠬᠠᠨ ᠬᠤᠪᠢᠷᠠᠭᠠᠳ ᠶᠡᠭᠡ ᠪᠠᠷ ᠬᠠᠯᠳᠠᠪᠤᠷᠢᠯᠠᠯ ᠡᠬᠦᠰᠭᠡᠳᠡᠭ᠃ ᠠᠳᠤᠭᠤᠨ ᠤ | ᠬᠠᠯᠳᠠᠪᠤᠷᠢᠳᠦ ᠬᠢᠮᠤᠷᠠᠭ᠎ᠠ ᠶᠢᠨ ᠸᠢᠷᠦ᠋ᠰ ᠢᠯᠴᠢ ᠪᠠ ᠠᠷᠢᠭᠤᠳᠬᠠᠬᠤ ᠡᠮ ᠳᠤ ᠳᠠᠰᠪᠤᠷᠢᠯᠡᠬᠦ ᠴᠢᠳᠠᠯ ᠢᠶᠠᠷ ᠠᠨᠠᠢ᠂ | ᠳᠤᠯᠠᠭᠠᠨ ᠤ ᠭᠡᠮᠵᠢᠶ᠎ᠠ ᠶᠢ 56 ᠭᠷᠡᠳᠦ᠋ᠰ ᠬᠦᠷᠭᠡᠪᠡᠯ ᠭᠡᠳᠤᠨ ᠮᠢᠨᠦ᠋ᠲ ᠤᠨ ᠳᠤᠳᠤᠷ᠎ᠠ ᠬᠠᠯᠳᠠᠪᠤᠷᠢᠯᠠᠬᠤ | ᠬᠦᠴᠦᠨ ᠢᠶᠠᠨ ᠠᠯᠳᠠᠳᠠᠬ᠂ ᠡᠬᠦᠨ ᠢ ᠪᠠᠶᠢᠡᠭᠭᠤ ᠭᠡᠷᠡᠭᠯᠡᠳᠡᠭ ᠠᠷᠢᠭᠤᠳᠬᠠᠬᠤ ᠡᠮ ᠢᠶᠠᠷ ᠮᠠᠰᠢ ᠲᠦᠷᠭᠡᠨ ᠠᠯᠠᠵᠦ | ᠪᠤᠯᠬᠤ ᠶᠤᠮ᠃ ᠳᠤᠯᠠᠭᠠᠨ ᠭᠡᠷ ᠲᠤ 19 ᠬᠤᠨᠤᠬ᠂ 4 ᠭᠷᠡᠳᠦ᠋ᠰ ᠲᠤ 29 ᠬᠤᠨᠤᠬ᠂ ᠳᠡᠭ ᠠᠴᠠ ᠳᠤᠷᠤᠭᠰᠢ | 17 ᠭᠷᠡᠳᠦ᠋ᠰ ᠲᠤ ᠪᠠᠷᠤᠬ 31 ᠰᠠᠷ᠎ᠠ ᠪᠠ ᠳᠡᠭ ᠠᠴᠠ ᠳᠤᠷᠤᠭᠰᠢ 70 ᠭᠷᠡᠳᠦ᠋ᠰ ᠲᠤ ᠤᠷᠳᠦ ᠬᠤᠭᠤᠴᠠᠭ᠎ᠠ ᠪᠠᠷ | ᠠᠮᠢᠳᠦ ᠪᠠᠶᠢᠵᠦ ᠴᠢᠳᠠᠳᠠᠬ᠃ ᠴᠢᠰᠤᠨ ᠳᠠᠬᠢ ᠸᠢᠷᠦ᠋ᠰ ᠮᠦᠰᠤᠨ ᠬᠠᠶᠢᠷᠴᠠᠬ ᠲᠤ ᠭᠡᠳᠤᠨ ᠰᠠᠷ᠎ᠠ ᠠᠮᠢᠳᠦ ᠪᠠᠶᠢᠵᠦ | ᠳᠠᠶᠢᠯᠤᠨ᠎ᠠ᠃ ᠸᠢᠷᠦ᠋ᠰ ᠪᠤᠯ ᠭᠡᠮᠨᠡᠭᠰᠡᠨ ᠮᠤᠷᠢᠨ ᠤ ᠴᠢᠰᠦ ᠰᠢᠬᠦᠷᠡᠳᠡᠰᠦ᠂ ᠢᠯᠭᠠᠳᠠᠰᠦ ᠬᠢᠭᠡᠳ ᠠᠵᠢᠷᠭᠠᠨ ᠤ | ᠦᠷ᠎ᠠ ᠳᠤ ᠤᠷᠤᠰᠢᠳᠠᠬ ᠶᠤᠮ᠃ ᠴᠢᠰᠦ ᠪᠤᠶᠤ ᠨᠡᠭᠡᠳᠡᠰᠦ ᠶᠢᠨ ᠰᠢᠩᠭᠡᠨ ᠤ ᠰᠢᠬᠦᠷᠡᠳᠡᠰᠦ ᠶᠢ ᠮᠤᠷᠢᠨ ᠤ ᠠᠷᠠᠰᠤᠨ | ᠳᠤᠳᠤᠷ᠎ᠠ ᠳᠠᠷᠢᠪᠠᠯ ᠡᠪᠡᠳᠴᠢᠯᠡᠳᠡᠭ᠃ ᠭᠡᠮᠨᠡᠭᠰᠡᠨ ᠮᠤᠷᠢᠨ ᠤ ᠡᠪᠡᠳᠴᠢᠨ ᠨᠢ ᠡᠳᠡᠭᠡᠷᠡᠭᠰᠡᠨ ᠤ ᠳᠠᠷᠠᠭ᠎ᠠ ᠴᠢᠰᠦ | ᠪᠤᠯᠤᠨ ᠦᠷ᠎ᠠ ᠶᠢᠨ ᠳᠤᠳᠤᠷᠠᠬᠢ ᠸᠢᠷᠦ᠋ᠰ ᠨᠢ ᠭᠡᠳᠤᠨ ᠰᠠᠷ᠎ᠠ ᠠᠴᠠ ᠭᠡᠳᠤᠨ ᠵᠢᠯ ᠠᠮᠢᠳᠦ ᠤᠷᠤᠰᠢᠵᠦ ᠳᠠᠶᠢᠯᠳᠡᠭ᠃ |