ᠪᠠᠭ᠎ᠠ ᠤᠶᠤᠨ ᠤᠬᠠᠭᠠᠨ ᠶᠡᠭᠡ ᠦᠢᠯᠡᠳᠦᠯ ᠦᠵᠡᠭᠦᠯᠵᠡᠢ — ︽ᠬᠤᠪᠢᠰᠬᠠᠯᠲᠤ ᠠᠳᠠᠯ ᠠᠬᠤᠢ︾᠎ ᠶᠢᠨ ᠨᠠᠷᠢᠯᠢᠭ ᠤᠶᠢᠯᠡᠴᠢᠯᠡᠭᠡ ᠨᠢ ᠠᠷᠠᠳ ᠤᠨ ᠰᠡᠳᠬᠢᠯ ᠢ ᠭᠡᠷᠡᠯᠲᠦᠭᠦᠯᠵᠡᠢ
ᠨᠡᠶᠢᠲᠡᠯᠡᠭᠰᠡᠨ ᠴᠠᠭ᠄
2020/11/16
     ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠲᠤ ᠬᠠᠨᠤᠮᠵᠢᠲᠠᠶ᠂ ᠣᠷᠴᠢᠨ ᠲᠣᠭᠤᠷᠢᠨ ᠢ ᠬᠠᠮᠠᠭᠠᠯᠠᠬᠤ᠂ ᠪᠣᠯᠪᠠᠰᠤᠨ᠂ ᠥᠭᠡᠳᠡᠷᠬᠡᠭ ᠣᠷᠣᠨ ᠰᠠᠭᠤᠴᠠ ᠶᠢᠨ ᠣᠷᠴᠢᠨ ᠲᠣᠭᠤᠷᠢᠨ ᠢ ᠪᠤᠢ ᠪᠣᠯᠭᠠᠬᠤ ᠶᠢᠨ ᠲᠥᠯᠥᠭᠡ᠂ ᠯᠢᠨ ᠶᠢᠨ ᠵᠡᠭᠡᠯᠢ ᠭᠤᠳᠤᠮᠵᠢ ᠶᠢᠨ ᠬᠠᠢ ᠰᠢᠨ ᠨᠡᠶᠢᠭᠡᠮ ᠲᠣᠭᠤᠷᠢᠭ ᠤᠨ ᠨᠠᠮ ᠤᠨ ᠬᠤᠷᠢᠶ᠎ᠠ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠶᠢ ᠪᠠᠷᠢᠮᠲᠠᠯᠠᠵᠤ᠂ ᠣᠯᠠᠨ ᠲᠦᠮᠡᠨ ᠤ ᠳᠡᠷᠭᠡᠳᠡᠬᠢ ︽ᠵᠠᠩᠭᠢᠯᠠᠭ᠎ᠠ ᠶᠢᠨ ᠪᠠᠭ᠎ᠠ ᠶᠠᠪᠤᠳᠠᠯ︾᠎ ᠢ ᠰᠢᠢᠤᠡᠪᠤᠷᠢᠯᠡᠬᠦ ᠪᠠᠷ ᠬᠦᠴᠦᠯᠡᠬᠦ ᠴᠡᠭ ᠪᠣᠯᠭᠠᠵᠤ᠂ ︽ᠬᠤᠪᠢᠰᠬᠠᠯᠲᠤ ᠠᠳᠠᠯ ᠠᠬᠤᠶ︾᠎ ᠶᠢ ᠨᠡᠶᠢᠭᠡᠮ ᠲᠣᠭᠤᠷᠢᠭ ᠤᠨ ᠵᠠᠰᠠᠯᠲᠠ ᠳᠤ ᠠᠭᠤᠰᠤᠯᠴᠠᠭᠤᠯᠬᠤ ᠶᠢ ᠠᠬᠢᠭᠤᠯᠤᠨ᠎ᠠ᠃
    ᠬᠠᠷᠢᠶᠠᠲᠤ ᠣᠷᠣᠨ ᠤ ᠠᠨ ᠲᠠᠢ ᠭᠡᠷ ᠣᠷᠣᠨ ᠤ ᠵᠢᠵᠢᠭ ᠲᠣᠭᠤᠷᠢᠭ ᠤᠨ ᠬᠤᠭ ᠨᠣᠪᠰᠢ ᠶᠢᠨ ᠰᠠᠪᠠ ᠬᠡᠷᠡᠭᠯᠡᠬᠦ ᠴᠠᠭ ᠨᠢ ᠤᠷᠲᠤ ᠪᠣᠯᠬᠤᠷ᠂ ᠵᠠᠷᠢᠮ ᠬᠤᠭ ᠨᠣᠪᠰᠢ ᠶᠢᠨ ᠰᠠᠭᠤᠯᠠᠭ᠎ᠠ ᠶᠢᠨ ᠬᠠᠪᠬᠠᠭᠠᠰᠤ ᠳᠤᠲᠠᠭᠳᠠᠵᠤ᠂ ᠪᠠᠰᠠ ᠵᠠᠷᠢᠮ ᠲᠡᠮᠦᠷ ᠢᠯᠲᠠᠰᠤ ᠶᠢᠨ ᠬᠤᠭ ᠨᠣᠪᠰᠢ ᠶᠢᠨ ᠰᠠᠭᠤᠯᠠᠭ᠎ᠠ ᠳᠤᠲᠠᠭᠳᠠᠨ᠎ᠠ᠃ ᠬᠤᠭ ᠤᠨ ᠰᠠᠪᠠ ᠦᠭᠡᠢ ᠪᠣᠯ ᠬᠤᠭ ᠨᠣᠪᠰᠢ ᠭᠠᠳᠠᠭᠰᠢ ᠪᠢᠯᠬᠠᠵᠤ᠂ ᠭᠤᠶᠤ ᠰᠠᠶᠢᠬᠠᠨ ᠪᠢᠰᠢ ᠮᠥᠷᠲᠡᠭᠡᠨ ᠣᠷᠴᠢᠨ ᠲᠣᠭᠤᠷᠢᠨ ᠤ ᠠᠷᠢᠭᠤᠨ ᠴᠡᠪᠡᠷ ᠢ ᠴᠦ ᠨᠥᠯᠥᠭᠡᠯᠡᠨ᠎ᠡ᠂ ᠡᠳᠡᠭᠡᠷ ᠲᠤᠭᠤᠷᠢᠭ ᠤᠨ ᠡᠯ᠎ᠡ ᠪᠤᠯᠤᠩ ᠳᠤ ᠲᠠᠷᠬᠠᠵᠤ ᠪᠠᠶᠢᠭ᠎ᠠ ᠬᠤᠭ ᠨᠣᠪᠰᠢ ᠶᠢᠨ ᠰᠠᠪᠠ᠂ ᠦᠵᠡᠬᠦ ᠳᠤ ᠶᠠᠯᠢᠮ ᠦᠭᠡᠢ ᠰᠢᠭ᠂ ᠬᠠᠷᠢᠨ ᠰᠠᠭᠤᠭᠠᠯᠢ ᠠᠷᠠᠳ ᠤᠨ ᠠᠮᠢᠳᠤᠷᠠᠯ ᠲᠠᠢ ᠨᠢᠭᠲᠠ ᠬᠤᠯᠪᠣᠯᠳᠤᠵᠤ᠂ ᠵᠢᠵᠢᠭ ᠲᠤᠭᠤᠷᠢᠭ ᠳᠣᠲᠣᠷᠠᠬᠢ ᠬᠤᠭ ᠨᠣᠪᠰᠢ ᠶᠢᠨ ᠰᠠᠭᠤᠯᠠᠭ᠎ᠠ ᠶᠢᠨ ᠠᠮᠠᠰᠠᠷ ᠳᠤᠲᠠᠭᠳᠠᠬᠤ ᠠᠰᠠᠭᠤᠳᠠᠯ ᠢ ᠰᠢᠢᠤᠡᠪᠤᠷᠢᠯᠡᠬᠦ ᠶᠢᠨ ᠲᠥᠯᠥᠭᠡ᠂ ᠤᠶᠢᠷ᠎ᠠ ᠳᠤ᠂ ᠠᠨ ᠲᠠᠢ ᠭᠡᠷ ᠣᠷᠣᠨ ᠤ ᠠᠳᠠᠯ ᠠᠬᠤᠶ ᠶᠢᠨ ᠥᠪᠡᠰᠦᠪᠡᠨ ᠬᠢᠭᠰᠡᠨ ᠬᠤᠭ ᠨᠣᠪᠰᠢ ᠶᠢᠨ ᠰᠠᠪᠠ ᠶᠢᠨ ᠠᠮᠠᠰᠠᠷ ᠢ ᠴᠠᠭ ᠲᠤᠬᠠᠶ ᠳᠤᠨᠢ ᠰᠣᠯᠢᠵᠤ᠂ ᠨᠡᠶᠢᠭᠡᠮ ᠲᠣᠭᠤᠷᠢᠭ ᠤᠨ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠤᠨ ᠵᠢᠭᠠᠯᠲᠠ ᠲᠤᠭ᠎ᠠ ᠵᠢᠴᠢ ᠶᠠᠰᠤ ᠴᠢᠨᠠᠷ ᠤᠨ ᠳᠡᠭᠡᠭᠰᠢᠯᠡᠯᠲᠡ ᠳᠤ ᠸᠠᠭᠠᠷ ᠲᠣᠭᠤᠰᠬ᠎ᠠ ᠨᠡᠮᠡᠵᠡᠶ᠃ ᠨᠢᠭᠡ ᠤᠳᠠᠭᠠᠨ ᠤ ᠴᠢᠷᠮᠠᠶᠢᠯᠭ᠎ᠠ ᠪᠠᠷ ᠳᠠᠮᠵᠢᠨ᠂ ᠰᠠᠭᠤᠭᠠᠯᠢ ᠠᠷᠠᠳ ᠤᠨ ᠲᠣᠭᠤᠷᠢᠭ ᠤᠨ ᠳᠦᠷᠢ ᠲᠥᠷᠬᠦ ᠴᠣ᠋ ᠰᠢᠨ᠎ᠡ ᠪᠣᠯᠵᠤ᠂ ᠨᠠᠮ ᠤᠨ ᠪᠠᠶᠢᠭᠤᠯᠤᠯᠲᠠ ᠶᠢᠨ ︽ᠬᠤᠪᠢᠰᠬᠠᠯᠲᠤ ᠠᠳᠠᠯ ᠠᠬᠤᠶ︾᠎ ᠶᠢ ᠬᠥᠲᠥᠯᠥᠨ ᠳᠠᠭᠠᠭᠤᠯᠵᠤ ᠰᠠᠭᠤᠭᠠᠯᠢ ᠠᠷᠠᠳ ᠲᠤ ᠤᠶᠢᠯᠡᠴᠢᠯᠡᠬᠦ ᠵᠣᠷᠢᠯᠭ᠎ᠠ ᠶᠢ ᠪᠡᠶᠡᠯᠡᠭᠦᠯᠪᠡ᠃
     ᠬᠠᠢ ᠰᠢᠨ ᠨᠡᠶᠢᠭᠡᠮ ᠲᠣᠭᠤᠷᠢᠭ ᠨᠠᠮ ᠤᠨ ᠪᠠᠶᠢᠭᠤᠯᠤᠯᠲᠠ ᠪᠠᠷ ᠳᠠᠮᠵᠢᠨ᠂ ᠨᠢᠭᠡᠨ ︽ᠦᠨᠡᠨᠴᠢ ᠰᠡᠤᠡᠬᠢᠯ︾᠎ ᠪᠠᠷ ᠥᠮᠴᠢᠲᠡᠨ ᠳᠤ ᠬᠠᠯᠠᠭᠤᠨ ᠳᠣᠲᠣᠨᠣ᠂ ᠲᠠᠭᠠᠯᠠᠮᠵᠢᠲᠠᠶ᠂ ᠬᠠᠯᠠᠭᠤᠨ ᠳᠤᠯᠠᠭᠠᠨ ᠤᠶᠢᠯᠡᠴᠢᠯᠡᠭᠡ  ᠬᠠᠩᠭᠠᠵᠤ᠂ ᠪᠠᠭ᠎ᠠ ᠲᠣᠭᠤᠷᠢᠭ ᠤᠨ ᠵᠠᠰᠠᠯᠲᠠ ᠶᠢᠨ ᠬᠦᠴᠢᠷ ᠠᠰᠠᠭᠤᠳᠠᠯ ᠢ ᠰᠢᠢᠤᠡᠪᠤᠷᠢᠯᠡᠵᠦ᠂ ᠰᠠᠭᠤᠭᠠᠯᠢ ᠠᠷᠠᠳ ᠲᠤ ︽ᠤᠯᠠᠭᠠᠨ ᠭᠡᠷ ᠠᠬᠤᠶ︾᠎ ᠶᠢᠨ ᠠᠪᠴᠢᠷᠠᠭᠰᠠᠨ ᠬᠠᠯᠠᠭᠤᠨ ᠳᠤᠯᠠᠭᠠᠨ ᠢ ᠦᠨᠡᠨᠬᠦ ᠮᠡᠳᠡᠷᠡᠭᠦᠯᠵᠤ᠂ ᠨᠠᠮ ᠤᠨ ᠵᠣᠬᠢᠶᠠᠨ ᠪᠠᠶᠢᠭᠤᠯᠤᠯᠲᠠ ᠪᠠᠷ ︽ᠲᠣᠭᠤᠷᠢᠭ ᠤᠨ ᠲᠥᠪ︾ ᠪᠣᠯᠭᠠᠵᠤ᠂ ᠬᠠᠷᠢᠶ᠎ᠠ ᠣᠷᠣᠨ ᠤ ᠠᠳᠠᠯ ᠠᠬᠤᠢ ᠶᠢᠨ ᠠᠵᠤ ᠠᠬᠤᠶᠢᠯᠠᠯ ᠢᠶᠠᠷ ︽ᠷᠠᠳᠢᠦ᠋ᠰ︾ ᠪᠣᠯᠭᠠᠵᠤ᠂ ᠣᠯᠠᠨ ᠲᠦᠮᠡᠨ ᠳᠤ ᠦᠢᠯᠡᠴᠢᠯᠡᠬᠦ ᠪᠠᠷ ︽ᠭᠠᠷᠠᠭ ᠤᠨ ᠳᠠᠷᠤᠭ᠎ᠠ︾ ᠪᠣᠯᠭᠠᠵᠤ᠂ ᠨᠡᠶᠢᠭᠡᠮ ᠲᠣᠭᠤᠷᠢᠭ᠂ ᠠᠳᠠᠯ ᠠᠬᠤᠶ ᠶᠢᠨ ᠤᠶᠢᠯᠡᠴᠢᠯᠡᠭᠡᠨ ᠤ ᠠᠵᠤ ᠠᠬᠤᠶᠢᠯᠠᠯ ᠵᠡᠷᠭᠡ ᠡᠯ᠎ᠡ ᠲᠠᠯ᠎ᠠ ᠶᠢᠨ ᠬᠦᠴᠦᠨ ᠢ ᠨᠡᠶᠢᠯᠡᠯ ᠬᠦᠴᠦᠨ ᠪᠣᠯᠭᠠᠵᠤ᠂ ᠬᠤᠲᠠ ᠶᠢᠨ ᠦᠨᠳᠦᠰᠦᠨ ᠱᠠᠲᠤᠨ ᠤ ᠵᠠᠰᠠᠯᠲᠠ ᠶᠢᠨ ︽ᠢᠵᠢᠯ ᠲᠥᠪᠲᠦ ᠲᠣᠭᠤᠷᠢᠭ︾᠎ ᠢ ᠬᠦᠴᠦ ᠪᠠᠨ ᠬᠠᠮᠲᠤᠳᠬᠠᠨ ᠰᠠᠶᠢᠲᠤᠷ ᠵᠢᠷᠤᠭᠯᠠᠨ᠎ᠠ᠃
 
ᠢᠷᠡᠯᠲᠡ᠄ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号