ᠨᠡᠷ᠎ᠡ ᠲᠦᠷᠣ ᠶᠢᠨ ᠡᠷᠭᠡ ᠳᠤ ᠬᠠᠯᠲᠠᠭᠰᠠᠨ ᠠᠵᠢᠯᠯᠠᠭ᠎ᠠ ᠡᠰᠡᠭᠦ ᠶᠢ ᠭᠡᠷᠬᠢᠠ ᠢᠯᠭᠠᠨ ᠲᠠᠨᠢᠬᠤ ᠪᠣᠢ︖
ᠨᠡᠶᠢᠲᠡᠯᠡᠭᠰᠡᠨ ᠴᠠᠭ᠄
2020/11/25
     ᠨᠢᠭᠡ᠂ ᠨᠡᠷ᠎ᠡ ᠲᠦᠷᠣ ᠶᠢᠨ ᠡᠷᠭᠡ ᠳᠤ ᠬᠠᠯᠲᠠᠭᠰᠠᠨ ᠠᠵᠢᠯᠯᠠᠭ᠎ᠠ᠃ ᠡᠩ ᠤᠨ ᠪᠠᠶᠢᠳᠠᠯ ᠲᠣᠣᠷ᠎ᠠ᠂ ᠨᠡᠷ᠎ᠡ ᠲᠦᠷᠣ ᠶᠢᠨ ᠡᠷᠭᠡ ᠳᠤ ᠬᠠᠯᠲᠠᠭᠰᠠᠨ ᠠᠵᠢᠯᠯᠠᠭ᠎ᠠ ᠳᠤ ᠲᠣᠣᠷᠠᠬᠢ ᠬᠡᠲᠦᠨ ᠵᠦᠢᠯ ᠪᠠᠭᠲᠠᠨ᠎ᠠ᠄      ︵ᠨᠢᠭᠡ︶᠂ ᠲᠣᠷᠣᠮᠵᠢᠯᠠᠵᠤ ᠭᠤᠲᠣᠭᠠᠬᠤ᠃ ᠲᠣᠷᠣᠮᠵᠢᠯᠠᠵᠤ ᠭᠤᠲᠣᠭᠠᠬᠤ ᠭᠡᠲᠡᠭ ᠪᠣᠯ ᠵᠣᠷᠢᠭᠤᠲᠠ ᠦᠭᠡ ᠶᠠᠷᠢᠶ᠎ᠠ᠂ ᠦᠰᠦᠭ ᠪᠢᠴᠢᠭ ᠪᠣᠶᠣ ᠦᠢᠯᠨ ᠠᠵᠢᠯᠯᠠᠭ᠎ᠠ ᠵᠡᠷᠭᠡ ᠠᠷᠭ᠎ᠠ ᠮᠠᠶ᠋ᠢᠭ ᠢᠶᠠᠷ ᠪᠣᠰᠣᠳ ᠤᠨ ᠬᠥᠮᠥᠨ ᠴᠢᠨᠠᠷ ᠢ ᠲᠣᠷᠣᠮᠵᠢᠯᠠᠬᠤ᠂ ᠪᠣᠰᠣᠳ ᠬᠦᠮᠦᠨ ᠤ ᠨᠡᠷ᠎ᠡ ᠲᠦᠷᠣ ᠶᠢ ᠬᠤᠬᠢᠷᠠᠭᠤᠯᠬᠤ ᠦᠢᠯᠨ ᠠᠵᠢᠯᠯᠠᠭ᠎ᠠ ᠶᠢ ᠵᠢᠭᠠᠵᠤ ᠪᠠᠶᠢᠨ᠎ᠠ᠃ ᠲᠣᠷᠣᠮᠵᠢᠯᠠᠵᠤ ᠭᠤᠲᠣᠭᠠᠬᠤ ᠠᠷᠭ᠎ᠠ ᠮᠠᠶ᠋ᠢᠭ ᠨᠢ ᠦᠭᠡ ᠶᠠᠷᠢᠶ᠎ᠠ᠂ ᠦᠰᠦᠭ ᠪᠢᠴᠢᠭ ᠪᠣᠶᠣ ᠦᠢᠯᠨ ᠠᠵᠢᠯᠯᠠᠭ᠎ᠠ ᠬᠦᠲᠡᠯᠣᠯ ᠪᠠᠶᠢᠳᠠᠯ ᠪᠠᠶᠢᠵᠣ ᠪᠣᠯᠣᠨ᠎ᠡ᠃ ᠪᠠᠰᠠ ᠲᠡᠭᠡᠷᠡᠬᠢ ᠬᠡᠲᠦᠨ ᠵᠦᠢᠯ ᠤᠨ ᠠᠷᠭ᠎ᠠ ᠮᠠᠶ᠋ᠢᠭ ᠤᠨ ᠨᠡᠶᠢᠯᠡᠯ ᠴᠦ ᠪᠠᠶᠢᠵᠣ ᠪᠣᠯᠣᠨ᠎ᠡ᠃ ︽ᠢᠷᠭᠡᠨ ᠤ ᠬᠠᠤᠯᠢ ᠶᠢᠨ ᠶᠡᠷᠦᠩᠭᠡᠢ ᠳᠦᠷᠢᠮ︾᠎ ᠤᠨ ᠵᠠᠭᠤ ᠶᠢᠰᠦᠳᠦᠭᠡᠷ ᠵᠦᠢᠯ ᠤᠨ ᠲᠣᠭᠲᠠᠭᠠᠯ ᠢᠶᠠᠷ᠂ ᠲᠣᠷᠣᠮᠵᠢᠯᠠᠵᠤ ᠭᠤᠲᠣᠭᠠᠬᠤ ᠬᠡᠯᠪᠡᠷᠢ ᠪᠠᠷ ᠠᠷᠠᠳ ᠢᠷᠭᠡᠨ᠂ ᠬᠠᠤᠯᠢ ᠶᠢᠨ ᠬᠦᠮᠦᠨ ᠤ ᠨᠡᠷ᠎ᠡ ᠲᠦᠷᠦ ᠶᠢ ᠬᠤᠬᠢᠷᠠᠭᠤᠯᠬᠤ ᠶᠢ ᠴᠠᠭᠠᠵᠠᠯᠠᠳᠠᠭ᠃      ︵ᠬᠤᠶᠠᠷ︶᠂ ᠬᠦᠳᠭᠡᠬᠦ᠃ ᠬᠦᠳᠭᠡᠬᠦ ᠬᠡᠲᠡᠭ ᠪᠣᠯ ᠵᠣᠷᠢᠭᠤᠲᠠ ᠪᠣᠶᠣ ᠠᠳᠡᠯ ᠢᠶᠠᠷ ᠪᠣᠰᠣᠳ ᠬᠦᠮᠥᠨ ᠤ ᠲᠣᠬᠠᠢ ᠬᠤᠲᠠᠯ ᠬᠠᠭᠤᠷᠮᠠᠭ ᠪᠣᠲᠠᠲᠣ ᠬᠡᠷᠡᠭ ᠢ ᠲᠠᠷᠬᠠᠭᠠᠵᠤ᠂ ᠪᠣᠰᠣᠳ ᠬᠥᠮᠥᠨ ᠤ ᠨᠡᠷ᠎ᠡ ᠬᠦᠨᠲᠦ ᠶᠢ ᠪᠠᠭᠤᠷᠠᠭᠤᠯᠬᠤ ᠪᠣᠶᠣ ᠬᠤᠬᠢᠷᠠᠭᠤᠯᠬᠤ ᠦᠢᠯᠨ ᠠᠵᠢᠯᠯᠠᠭ᠎ᠠ ᠶᠢ ᠵᠢᠭᠠᠵᠤ ᠪᠠᠶᠢᠳᠠᠭ᠃ ᠬᠦᠳᠭᠡᠬᠦ ᠠᠷᠭ᠎ᠠ ᠮᠠᠶ᠋ᠢᠭ ᠨᠢ ᠦᠭᠡ ᠶᠠᠷᠢᠶ᠎ᠠ᠂ ᠦᠰᠦᠭ ᠪᠢᠴᠢᠭ ᠪᠣᠶᠣ ᠡᠰᠡᠬᠦᠯ᠎ᠡ ᠪᠣᠰᠣᠳ ᠶᠠᠮᠠᠷᠪᠠ ᠬᠤᠲᠠᠯ ᠬᠠᠭᠤᠷᠮᠠᠭ ᠪᠣᠲᠠᠲᠤ ᠬᠡᠷᠡᠭ ᠢ ᠲᠠᠷᠬᠠᠭᠠᠬᠤ ᠠᠷᠭ᠎ᠠ ᠮᠠᠶ᠋ᠢᠭ ᠪᠠᠶᠢᠵᠤ ᠪᠣᠯᠣᠨ᠎ᠡ᠃ ︽ᠢᠷᠭᠡᠨ ᠤ ᠬᠠᠤᠯᠢ ᠶᠢᠨ ᠶᠡᠷᠦᠩᠭᠡᠢ ᠳᠦᠷᠢᠮ︾᠎ ᠤᠨ ᠵᠠᠭᠤ ᠶᠢᠰᠦᠳᠦᠭᠡᠷ ᠵᠦᠢᠯ ᠤᠨ ᠲᠣᠭᠲᠠᠭᠠᠯ ᠢᠶᠠᠷ᠂ ᠲᠣᠷᠣᠮᠵᠢᠯᠠᠵᠤ ᠭᠤᠲᠣᠭᠠᠬᠤ ᠬᠡᠯᠪᠡᠷᠢ ᠪᠠᠷ ᠠᠷᠠᠳ ᠢᠷᠭᠡᠨ᠂ ᠬᠠᠤᠯᠢ ᠶᠢᠨ ᠬᠦᠮᠦᠨ ᠤ ᠨᠡᠷ᠎ᠡ ᠲᠦᠷᠦ ᠶᠢ ᠬᠤᠬᠢᠷᠠᠭᠤᠯᠬᠤ ᠶᠢ ᠮᠦᠨ ᠴᠦ ᠴᠠᠭᠠᠵᠠᠯᠠᠳᠠᠭ᠃      ︵ᠭᠤᠷᠪᠡ︶᠂ ᠰᠣᠨᠢᠨ ᠮᠡᠲᠡᠭᠡᠯᠡᠯ ᠨᠢ ᠬᠦᠨᠳᠦ ᠨᠣᠴᠢᠲᠠᠢ ᠭᠠᠵᠢᠭᠤᠲᠠᠵᠦ᠂ ᠪᠣᠰᠣᠳ ᠬᠦᠮᠦᠨ ᠤ ᠨᠡᠷ᠎ᠡ ᠲᠦᠷᠦ ᠳᠤ ᠬᠤᠬᠢᠷᠠᠯ ᠣᠴᠠᠷᠠᠭᠤᠯᠬᠤ᠃ ᠰᠣᠨᠢᠨ ᠮᠡᠲᠡᠭᠡᠨ ᠤ ᠨᠢᠭᠡᠴᠢ ᠶᠢᠨ ᠲᠦᠷᠣ ᠶᠢᠨ ᠪᠠᠶᠢᠭᠤᠯᠭ᠎ᠠ ᠶᠢᠨ ᠡᠷᠭᠡ ᠲᠣᠰᠢᠶᠠᠯ ᠶᠣᠰᠣᠭᠠᠷ ᠬᠢᠭᠰᠡᠨ ᠢᠯᠨ ᠪᠢᠴᠢᠭ ᠮᠠᠲ᠋ᠧᠷᠢᠶᠠᠯ ᠪᠠ ᠬᠡᠷᠡᠭᠵᠢᠬᠦᠯᠦᠭᠰᠡᠨ ᠢᠯᠨ ᠡᠷᠭᠡ ᠲᠣᠰᠢᠶᠠᠯᠲᠤ ᠦᠢᠯᠨ ᠠᠵᠢᠯᠯᠠᠭ᠎ᠠ ᠶᠢ ᠦᠨᠳᠦᠰᠦᠯᠡᠵᠦ ᠬᠢᠭᠰᠡᠨ ᠮᠡᠳᠡᠭᠡᠯᠡᠯ ᠨᠢ ᠪᠣᠰᠣᠳᠴᠢ ᠪᠦᠭᠡᠳ ᠣᠨᠣᠪᠴᠢᠲᠠᠢ ᠪᠠᠶᠢᠪᠠᠯ᠂ ᠪᠣᠰᠣᠳ ᠬᠥᠮᠥᠨ ᠤ ᠨᠡᠷ᠎ᠡ ᠲᠦᠷᠣ ᠶᠢᠨ ᠡᠷᠭᠡ ᠳᠤ ᠬᠠᠯᠳᠠᠭᠰᠠᠨ ᠢᠶᠠᠷ ᠮᠠᠭᠠᠳᠯᠠᠵᠤ ᠪᠣᠯᠬᠤ ᠦᠭᠡᠢ︔ ᠮᠡᠳᠡᠭᠡᠯᠡᠯ ᠨᠢ ᠭᠠᠵᠢᠭᠤᠲᠠᠬᠤ ᠪᠣᠶᠣ ᠡᠰᠡᠬᠦᠯ᠎ᠡ ᠲᠡᠭᠡᠷ᠎ᠡ ᠲᠣᠷᠠᠲᠣᠭᠰᠠᠨ ᠪᠢᠴᠢᠭ ᠮᠠᠲ᠋ᠧᠷᠢᠶᠠᠯ ᠪᠣᠯᠣᠨ ᠡᠷᠭᠡ ᠲᠣᠰᠢᠶᠠᠯᠲᠤ ᠦᠢᠯᠨ ᠠᠵᠢᠯᠯᠠᠭ᠎ᠠ ᠶᠢ ᠨᠢᠭᠡᠨᠲᠡ ᠢᠯᠨ ᠪᠠᠷ ᠵᠠᠯᠠᠷᠠᠭᠤᠯᠣᠭᠰᠠᠨ ᠪᠠᠶᠢᠳᠠᠯ᠎ᠠ ᠮᠡᠳᠡᠭᠡᠯᠡᠯ ᠢᠶᠠᠨ ᠬᠠᠷᠢᠨ ᠵᠠᠯᠠᠷᠠᠭᠤᠯᠬᠤ ᠦᠭᠡᠢ ᠪᠠᠶᠢᠵᠣ᠂ ᠪᠣᠰᠣᠳ ᠬᠦᠮᠥᠨ ᠤ ᠨᠡᠷ᠎ᠡ ᠲᠦᠷᠣ ᠳᠤ ᠬᠤᠬᠢᠷᠠᠯ ᠣᠴᠠᠷᠠᠭᠤᠯᠪᠠᠯ᠂ ᠪᠣᠰᠣᠳ ᠬᠥᠮᠥᠨ ᠤ ᠨᠡᠷ᠎ᠡ ᠲᠦᠷᠣ ᠶᠢᠨ ᠡᠷᠭᠡ ᠳᠤ ᠬᠠᠯᠲᠠᠭᠰᠠᠨ ᠢᠶᠠᠷ ᠮᠠᠭᠠᠳᠯᠠᠨ ᠲᠣᠭᠲᠠᠭᠠᠬᠤ ᠬᠡᠷᠡᠭᠲᠡᠢ᠃      ⒈ ᠰᠣᠨᠢᠨ ᠮᠡᠲᠡᠭᠡ ᠶᠢᠨ ᠮᠠᠲ᠋ᠧᠷᠢᠶᠠᠯ ᠬᠠᠩᠭᠠᠬᠤ ᠠᠴᠠ ᠪᠣᠯᠵᠤ ᠡᠬᠦᠰᠦᠭᠰᠡᠨ ᠨᠡᠷ᠎ᠡ ᠲᠦᠷᠣ ᠶᠢᠨ ᠡᠷᠭᠡ ᠶᠢᠨ ᠮᠠᠷᠭᠤᠭᠠᠨ ᠨᠢ ᠡᠷᠭᠡ ᠳᠤ ᠬᠠᠯᠲᠠᠭᠰᠠᠨ ᠪᠣᠯᠵᠤ ᠪᠦᠷᠢᠯᠳᠦᠬᠦ ᠡᠰᠡᠬᠦ ᠶᠢ ᠮᠠᠭᠠᠳᠯᠠᠬᠤ ᠳᠤ᠂ ᠲᠣᠣᠷᠠᠬᠢ ᠬᠤᠶᠠᠷ ᠵᠦᠢᠯ ᠤᠨ ᠪᠠᠶᠢᠳᠠᠯ ᠢ ᠢᠯᠭᠠᠬᠤ ᠬᠡᠷᠡᠭᠲᠡᠢ᠃      ⒉ ᠬᠦᠳᠡᠯᠦᠩᠬᠦᠢ ᠪᠠᠷ ᠰᠣᠨᠢᠨ ᠮᠡᠳᠡᠭᠡ ᠶᠢᠨ ᠮᠠᠲ᠋ᠧᠷᠢᠶᠠᠯ ᠬᠠᠩᠭᠠᠵᠤ᠂ ᠪᠣᠰᠣᠳ ᠬᠦᠮᠥᠨ ᠤ ᠨᠡᠷ᠎ᠡ ᠲᠦᠷᠣ ᠳᠤ ᠬᠤᠬᠢᠷᠠᠯ ᠣᠴᠠᠷᠠᠭᠤᠯᠪᠠᠯ᠂ ᠪᠣᠰᠣᠳ ᠬᠦᠮᠥᠨ ᠤ ᠨᠡᠷ᠎ᠡ ᠲᠦᠷᠣ ᠶᠢᠨ ᠡᠷᠭᠡ ᠳᠤ ᠬᠠᠯᠲᠠᠭᠰᠠᠨ ᠢᠶᠠᠷ ᠮᠠᠭᠠᠳᠯᠠᠨ ᠲᠣᠭᠲᠠᠭᠠᠬᠤ ᠬᠡᠷᠡᠭᠲᠡᠢ᠃ ᠬᠦᠳᠡᠯᠦᠭᠳᠡᠩᠬᠦᠢ ᠪᠠᠷ ᠰᠣᠷᠪᠣᠯᠵᠢᠯᠠᠬᠲᠠᠬᠰᠠᠨ ᠠᠴᠠ ᠰᠣᠨᠢᠨ ᠮᠡᠲᠡᠭᠡ ᠶᠢᠨ ᠮᠠᠲ᠋ᠧᠷᠢᠶᠠᠯ ᠬᠠᠩᠭᠠᠬᠤ ᠪᠦᠭᠡᠳ ᠬᠠᠩᠭᠠᠭᠴᠢ ᠶᠢᠨ ᠢᠯᠨ ᠪᠣᠯᠭᠠᠬᠤ ᠵᠦᠪᠰᠢᠶᠡᠷᠡᠯ ᠦᠭᠡᠢ ᠪᠠᠷ᠂ ᠰᠣᠨᠢᠨ ᠮᠡᠲᠡᠭᠡ ᠶᠢᠨ ᠨᠢᠭᠡᠴᠢ ᠠᠴᠠ ᠲᠣᠷ᠎ᠠ ᠪᠠᠷ ᠢᠶᠠᠨ ᠨᠡᠶᠢᠲᠡᠯᠡᠵᠦ᠂ ᠪᠣᠰᠣᠳ ᠬᠦᠮᠥᠨ ᠤ ᠨᠡᠷ᠎ᠡ ᠲᠦᠷᠣ ᠳᠤ ᠬᠤᠬᠢᠷᠠᠯ ᠣᠴᠠᠷᠠᠭᠤᠯᠪᠠᠯ᠂ ᠶᠠᠷᠣ ᠳᠡᠭᠡᠨ ᠬᠠᠩᠭᠠᠬᠴᠢ ᠶᠢ ᠨᠡᠷ᠎ᠡ ᠲᠦᠷᠣ ᠶᠢᠨ ᠡᠷᠭᠡ ᠳᠤ ᠬᠠᠯᠲᠠᠭᠰᠠᠨ ᠢᠶᠠᠷ ᠮᠠᠭᠠᠳᠯᠠᠬᠤ ᠦᠭᠡᠢ ᠪᠠᠶᠢᠪᠠᠯ ᠵᠣᠬᠢᠨ᠎ᠠ︔ ᠬᠡᠲᠦ᠋ᠢᠪᠡᠷ ᠬᠦᠳᠡᠯᠦᠭᠲᠡᠩᠬᠦᠢ ᠪᠠᠷ ᠰᠣᠨᠢᠨ ᠮᠡᠲᠡᠭᠡ ᠶᠢᠨ ᠮᠠᠲ᠋ᠧᠷᠢᠶᠠᠯ ᠬᠠᠩᠭᠠᠬᠰᠠᠨ ᠪᠣᠯᠪᠠᠴᠦ᠂ ᠨᠡᠶᠢᠲᠡᠯᠡᠬᠦ ᠦᠶ᠎ᠡ ᠳᠤ ᠬᠠᠩᠭᠠᠭᠴᠢ ᠶᠢᠨ ᠵᠦᠪᠰᠢᠶᠡᠷᠡᠯ ᠪᠣᠶᠣ ᠲᠣᠭᠤᠢ ᠵᠦᠪᠰᠢᠶᠡᠷᠡᠬᠦ ᠶᠢ ᠣᠯᠵᠤ᠂ ᠪᠣᠰᠣᠳ ᠬᠦᠮᠥᠨ ᠤ ᠨᠡᠷ᠎ᠡ ᠲᠦᠷᠣ ᠳᠤ ᠬᠤᠬᠢᠷᠠᠯ ᠣᠴᠠᠷᠠᠭᠤᠯᠪᠠᠯ᠂ ᠨᠡᠷ᠎ᠡ ᠲᠦᠷᠣ ᠶᠢᠨ ᠡᠷᠭᠡ ᠳᠤ ᠬᠠᠯᠲᠠᠭᠰᠠᠨ ᠢᠶᠠᠷ ᠮᠠᠭᠠᠳᠯᠠᠬᠤ ᠬᠡᠷᠡᠭᠲᠡᠢ᠃      ᠬᠤᠶᠠᠷ᠂ ᠨᠡᠷ᠎ᠡ ᠲᠦᠷᠣ ᠶᠢᠨ ᠡᠷᠭᠡ ᠳᠤ ᠡᠰᠡ ᠬᠠᠯᠲᠠᠭᠰᠠᠨ ᠠᠵᠢᠯᠯᠠᠭ᠎ᠠ᠃      ⒈ ᠰᠣᠨᠢᠨ ᠮᠡᠲᠡᠭᠡ ᠶᠢᠨ ᠵᠠᠭᠤᠴᠢᠯᠠᠭᠤᠷ ᠤᠨ ᠮᠡᠳᠡᠭᠡᠯᠡᠯ ᠳᠤ ᠢᠯᠡᠷᠡᠬᠦᠯᠦᠭᠰᠡᠨ ᠦᠨᠡᠨ ᠪᠣᠲᠠᠲᠠᠢ ᠬᠡᠷᠡᠭ ᠶᠠᠪᠣᠲᠠᠯ ᠨᠢ ᠨᠡᠷ᠎ᠡ ᠲᠦᠷᠣ ᠶᠢᠨ ᠡᠷᠭᠡ ᠳᠤ ᠬᠠᠯᠲᠠᠭᠰᠠᠨ ᠪᠣᠯᠵᠤ ᠪᠦᠷᠢᠯᠲᠦᠬᠦ ᠦᠭᠡᠢ᠃ ᠨᠡᠷ᠎ᠡ ᠲᠦᠷᠣ ᠶᠢᠨ ᠡᠷᠭᠡ ᠳᠤ ᠬᠠᠯᠲᠠᠭᠰᠠᠨ ᠠᠵᠢᠯᠯᠠᠭ᠎ᠠ ᠪᠦᠬᠦᠨ ᠤ ᠨᠡᠶᠢᠲᠡ ᠶᠢᠨ ᠣᠨᠴᠠᠯᠢᠭ ᠪᠣᠯ ᠬᠤᠲᠠᠯ ᠬᠠᠭᠤᠷᠮᠠᠭ ᠪᠣᠲᠠᠲᠣ ᠬᠡᠷᠡᠭ ᠪᠣᠶᠣ ᠲᠠᠪᠠᠭᠤᠯᠣᠯ ᠦᠭᠡ ᠶᠠᠷᠢᠶ᠎ᠠ ᠪᠠᠷ ᠪᠣᠰᠣᠳ ᠬᠦᠮᠦᠨ ᠤ ᠨᠡᠶᠢᠭᠡᠮ ᠤᠨ ᠦᠨᠡᠯᠡᠯᠲᠡ ᠳᠤ ᠬᠤᠬᠢᠷᠠᠯ ᠣᠴᠠᠷᠠᠭᠤᠯᠬᠤ ᠪᠣᠯᠣᠨ᠎ᠡ᠃ ᠡᠶᠢᠮᠣ ᠠᠴᠠ ᠪᠣᠰᠣᠳ ᠬᠦᠮᠥᠨ ᠤ ᠦᠨᠡᠨ ᠪᠣᠲᠠᠲᠤ ᠦᠭᠡ ᠶᠠᠷᠢᠶ᠎ᠠ ᠨᠡᠶᠢᠲᠡᠯᠡᠬᠦ᠂ ᠣᠯᠠᠮᠵᠢᠯᠠᠬᠤ ᠨᠢ ᠨᠡᠷ᠎ᠡ ᠲᠦᠷᠣ ᠶᠢᠨ ᠡᠷᠭᠡ ᠳᠤ ᠬᠠᠯᠲᠠᠭᠰᠠᠨ ᠪᠣᠯᠵᠤ ᠪᠦᠷᠢᠯᠳᠦᠬᠦ ᠦᠭᠡᠢ᠃ ᠭᠡᠪᠡᠴᠦ ᠪᠣᠰᠣᠳ ᠡᠷᠭᠡ᠂ ᠵᠢᠱᠢᠶᠡᠯᠡᠪᠡᠯ᠂ ᠬᠤᠪᠢ ᠶᠢᠨ ᠨᠢᠭᠤᠴᠠ ᠶᠢᠨ ᠡᠷᠭᠡ ᠳᠤ ᠬᠠᠯᠲᠠᠭᠰᠠᠨ ᠪᠣᠯᠵᠤ ᠪᠦᠷᠢᠯᠳᠦᠵᠦ ᠮᠡᠲᠡᠨ᠎ᠡ᠃      ⒉ ᠣᠳᠬ᠎ᠠ ᠵᠣᠬᠢᠶᠠᠯ ᠤᠨ ᠪᠦᠲᠦᠭᠡᠯ ᠵᠣᠬᠢᠶᠠᠨ ᠪᠢᠴᠢᠵᠤ᠂ ᠨᠡᠶᠢᠲᠡᠯᠡᠬᠦ ᠳᠤ ᠪᠠᠨ ᠪᠣᠲᠠᠲᠣ ᠠᠮᠢᠲᠣᠷᠠᠯ ᠳᠠᠬᠢ ᠣᠨᠴᠠ ᠨᠢᠭᠡᠨ ᠬᠦᠮᠦᠨ ᠢᠶᠠᠷ ᠲᠦᠷᠰᠦᠯᠡᠭᠲᠡᠬᠦᠨ ᠢᠶᠠᠨ ᠪᠣᠯᠭᠠᠭᠰᠠᠨ ᠪᠢᠰᠢ᠂ ᠵᠦᠪᠬᠡᠨ ᠦᠢᠯᠨ ᠪᠠᠶᠢᠳᠠᠯ ᠨᠢ ᠠᠮᠢᠲᠣᠷᠠᠯ ᠳᠠᠬᠢ ᠶᠠᠮᠠᠷ ᠨᠢᠭᠡᠨ ᠬᠦᠮᠥᠨ ᠤ ᠪᠠᠶᠢᠳᠠᠯ ᠲᠠᠢ ᠠᠳᠠᠯᠢᠪᠲᠣᠷ ᠪᠠᠶᠢᠪᠠᠯ᠂ ᠪᠣᠰᠣᠳ ᠬᠦᠮᠦᠨ ᠤ ᠨᠡᠷ᠎ᠡ ᠲᠦᠷᠣ ᠶᠢᠨ ᠡᠷᠭᠡ ᠳᠤ ᠬᠠᠯᠲᠠᠭᠰᠠᠨ ᠢᠶᠠᠷ ᠮᠠᠭᠠᠳᠯᠠᠨ ᠲᠣᠭᠲᠠᠭᠠᠵᠤ ᠪᠣᠯᠬᠤ ᠦᠭᠡᠢ᠃      ⒊ ᠰᠢᠬᠦᠮᠵᠢ ᠶᠢᠨ ᠴᠢᠨᠠᠷ ᠲᠠᠢ ᠵᠣᠬᠢᠶᠠᠯ ᠪᠢᠴᠢᠵᠦ ᠨᠡᠶᠢᠲᠡᠯᠡᠬᠦ ᠳᠤ᠂ ᠵᠣᠬᠢᠶᠠᠯ ᠳᠤ ᠲᠣᠰᠬᠠᠬᠰᠠᠨ ᠠᠰᠠᠭᠤᠳᠠᠯ ᠨᠢ ᠦᠨᠳᠦᠰᠦᠨ ᠳᠤ ᠪᠠᠨ ᠦᠨᠡᠨ ᠪᠣᠲᠠᠲᠠᠢ᠂ ᠪᠣᠰᠣᠳ ᠬᠦᠮᠦᠨ ᠤ ᠬᠦᠮᠦᠨ ᠴᠢᠨᠠᠷ ᠢ ᠲᠣᠷᠣᠮᠵᠢᠯᠠᠵᠤ ᠭᠤᠲᠣᠭᠠᠭᠰᠠᠨ ᠠᠭᠤᠯᠭ᠎ᠠ ᠦᠭᠡᠢ ᠪᠠᠶᠢᠪᠠᠯ ᠪᠣᠰᠣᠳ ᠬᠦᠮᠥᠨ ᠤ ᠨᠡᠷ᠎ᠡ ᠲᠦᠷᠣ ᠶᠢᠨ ᠡᠷᠭᠡ ᠳᠤ ᠬᠠᠯᠲᠠᠭᠰᠠᠨ ᠢᠶᠠᠷ ᠮᠠᠭᠠᠳᠯᠠᠨ ᠲᠣᠭᠲᠠᠭᠠᠵᠤ ᠪᠣᠯᠬᠤ ᠦᠭᠡᠢ᠃
 
ᠢᠷᠡᠯᠲᠡ᠄ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号