ᠠᠮᠠᠪᠴᠢ ᠶᠢ ᠬᠡᠷᠬᠢᠨ ᠵᠦᠪ ᠢᠶᠠᠷ ᠵᠡᠬᠦᠬᠦ ᠲᠤᠬᠠᠢ
ᠨᠡᠶᠢᠲᠡᠯᠡᠭᠰᠡᠨ ᠴᠠᠭ᠄
2020/12/8
     ᠰᠢᠨᠵᠢᠯᠡᠬᠦ ᠤᠬᠠᠭᠠᠨ ᠤ ᠲᠦᠭᠡᠮᠡᠯᠵᠢᠭᠦᠯᠦᠯᠳᠡ᠄ ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ ᠠᠮᠠᠪᠴᠢ ᠶᠢ ᠬᠡᠷᠬᠢᠨ ᠵᠦᠪ ᠢᠶᠠᠷ ᠵᠡᠬᠦᠬᠦ ᠲᠤᠬᠠᠢ ᠢᠩᠭᠢᠵᠦ ᠬᠡᠯᠡᠪᠡ ᠰᠢᠨᠬᠤᠸᠠ ᠬᠤᠷᠢᠶᠠᠨ ᠤ ᠵᠧᠨ᠋ᠸᠧᠠ ᠶᠢᠨ 2 ᠰᠠᠷ᠎ᠠ ᠶᠢᠨ 3᠎ ᠤ ᠡᠳᠦᠷ ᠤᠨ ᠮᠡᠳᠡᠭᠡ ︵ᠰᠤᠷᠪᠤᠯᠵᠢᠯᠠᠭᠴᠢ ᠨᠢᠶᠧ ᠰᠢᠶᠤᠤ ᠶᠠᠩ ᠴᠧᠨ ᠵᠢᠶᠦ᠋ᠨ ᠰᠢᠶᠠ︶ ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ 3᠎ ᠤ ᠡᠳᠦᠷ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠠᠴᠠ ᠬᠠᠯᠳᠠᠪᠤᠷᠢᠯᠠᠭᠰᠠᠨ ᠠᠭᠤᠰᠬᠢᠨ ᠦᠷᠪᠢᠰᠦᠯ ᠤᠨ ᠬᠢᠵᠢᠭ ᠤᠨ ᠲᠤᠬᠠᠶ ᠬᠠᠮᠤᠭ ᠤᠨ ᠰᠢᠨ᠎ᠡ ᠠᠰᠠᠭᠤᠯᠲᠠ ᠬᠠᠷᠢᠭᠤᠯᠲᠠ ᠶᠢ ᠨᠡᠶᠢᠲᠡᠯᠡᠪᠡ᠂ ᠡᠭᠦᠨ ᠳᠤ ᠠᠮᠠᠪᠴᠢ ᠶᠢ ᠬᠡᠷᠬᠢᠨ ᠵᠥᠪ ᠢᠶᠠᠷ ᠵᠡᠭᠦᠬᠦ ᠲᠤᠬᠠᠶ ᠲᠤᠰᠬᠠᠶ ᠮᠡᠷᠭᠡᠵᠢᠯᠲᠡᠨ ᠤ ᠰᠠᠨᠠᠯ ᠢ ᠨᠡᠶᠢᠲᠡᠯᠡᠭᠰᠡᠨ ᠶᠤᠮ᠃ ᠪᠣᠳᠠᠲᠠᠶ ᠰᠠᠨᠠᠭᠤᠯᠭ᠎ᠠ ᠨᠢ ᠳᠣᠤᠷᠠᠬᠢ ᠮᠡᠲᠦ᠄        1. ᠠᠮᠠᠪᠴᠢ ᠵᠡᠭᠦᠬᠦ ᠠᠴᠠ ᠪᠠᠨ ᠡᠮᠦᠨ᠎ᠡ᠂ ᠤᠷᠢᠳᠠᠪᠠᠷ ᠰᠫᠢᠷᠲ ᠠᠭᠤᠯᠤᠭᠰᠠᠨ ᠭᠠᠷ ᠤᠬᠢᠶᠠᠬᠤ ᠰᠢᠩᠭᠡᠨ ᠪᠤᠶᠤ ᠰᠠᠪᠤᠩ ᠢᠶᠠᠷ ᠭᠠᠷ ᠢᠶᠠᠨ ᠤᠬᠢᠶᠠᠬᠤ ᠬᠡᠷᠡᠭᠳᠡᠢ᠃      2. ᠠᠮᠠᠪᠴᠢ ᠪᠠᠷ ᠢᠶᠠᠨ ᠠᠮᠠ ᠬᠠᠮᠠᠷ ᠢᠶᠠᠨ ᠰᠠᠶᠢᠳᠤᠷ ᠪᠢᠳᠡᠬᠦᠯᠡᠵᠦ᠂ ᠨᠢᠭᠤᠷ ᠪᠣᠯᠤᠨ ᠠᠮᠠᠪᠴᠢ ᠶᠢᠨ ᠵᠠᠢ ᠵᠠᠪᠰᠠᠷ ᠢ ᠠᠯᠢ ᠪᠣᠯᠬᠤ ᠪᠠᠷ ᠪᠠᠭᠠᠰᠬᠠᠬᠤ ᠬᠡᠷᠡᠭᠳᠡᠢ᠃      3. ᠭᠠᠷ ᠴᠢᠨᠢ ᠠᠮᠠᠪᠴᠢ ᠳᠡᠭᠡᠷ᠎ᠡ ᠬᠦᠷᠦᠯᠴᠡᠬᠦ ᠠᠴᠠ ᠬᠢᠴᠢᠶᠡᠬᠦ ᠬᠡᠷᠡᠭᠳᠡᠢ᠃ ᠬᠡᠷᠪᠡ ᠭᠠᠷ ᠢᠶᠠᠨ ᠵᠠᠪᠠᠯ ᠠᠮᠠᠪᠴᠢ ᠲᠡᠭᠡᠷ᠎ᠡ ᠬᠦᠷᠦᠯᠴᠡᠬᠦᠯᠬᠦ ᠴᠢᠬᠤᠯᠠ ᠲᠠᠢ ᠪᠤᠯ ᠤᠷᠢᠳᠠᠪᠠᠷ ᠰᠫᠢᠷᠲ ᠠᠭᠤᠯᠤᠭᠰᠠᠨ ᠭᠠᠷ ᠤᠬᠢᠶᠠᠬᠤ ᠰᠢᠩᠭᠡᠨ ᠪᠤᠶᠤ ᠰᠠᠪᠤᠩ ᠢᠶᠠᠷ ᠭᠠᠷ ᠢᠶᠠᠨ ᠤᠬᠢᠶᠠᠬᠤ ᠬᠡᠷᠡᠭᠲᠡᠢ᠃      4. ᠠᠮᠠᠪᠴᠢ ᠴᠢᠨᠢ ᠴᠢᠭᠢᠭᠲᠦᠪᠡᠯ ᠳᠠᠷᠤᠢ ᠲᠦᠷᠭᠡᠨ ᠰᠣᠯᠢᠬᠤ ᠬᠡᠷᠡᠭᠲᠡᠢ᠃      5. ᠨᠢᠭᠡ ᠯᠡ ᠤᠳᠠᠭ᠎ᠠ ᠬᠡᠷᠡᠭᠯᠡᠬᠦ ᠠᠮᠠᠪᠴᠢ ᠶᠢ ᠳᠠᠬᠢᠨ ᠳᠠᠪᠲᠠᠨ ᠬᠡᠷᠡᠭᠯᠡᠵᠦ ᠪᠣᠯᠬᠤ ᠦᠭᠡᠢ᠃      6. ᠠᠮᠠᠪᠴᠢ ᠶᠢᠨ ᠬᠤᠶᠠᠷ ᠲᠠᠯ᠎ᠠ ᠶᠢᠨ ᠤᠶᠠᠭ᠎ᠠ ᠶᠢ ᠴᠢᠩᠭᠠᠭᠠᠨ ᠠᠮᠠᠪᠴᠢ ᠪᠠᠨ ᠠᠪᠴᠤ᠂ ᠭᠠᠷ ᠢᠶᠠᠷ ᠢᠶᠠᠨ ᠠᠮᠠᠪᠴᠢ ᠪᠠᠨ ᠪᠠᠷᠢᠬᠤ ᠠᠴᠠ ᠬᠢᠴᠢᠶᠡᠬᠦ ᠬᠡᠷᠡᠭᠳᠡᠢ᠃      7. ᠠᠮᠠᠪᠴᠢ ᠪᠠᠨ ᠠᠪᠤᠭᠰᠠᠨ ᠤ ᠳᠠᠷᠠᠭ᠎ᠠ ᠪᠢᠲᠡᠭᠦᠦ ᠬᠤᠭ ᠤᠨ ᠰᠠᠪᠠᠨ ᠲᠤᠳᠤᠷ᠎ᠠ ᠬᠠᠶᠠᠬᠤ ᠶᠢᠨ ᠬᠠᠮᠳᠤ ᠰᠫᠢᠷᠲ ᠠᠭᠤᠯᠤᠭᠰᠠᠨ ᠭᠠᠷ ᠤᠬᠢᠶᠠᠬᠤ ᠰᠢᠩᠭᠡᠨ ᠪᠤᠶᠤ ᠰᠠᠪᠤᠩ ᠢᠶᠠᠷ ᠭᠠᠷ ᠢᠶᠠᠨ ᠤᠬᠢᠶᠠᠬᠤ ᠬᠡᠷᠡᠭᠳᠡᠢ᠃      8. ᠶᠡᠬᠡᠪᠡᠷ ᠰᠡᠷᠭᠡᠶᠢᠯᠡᠯᠳᠡ ᠬᠢᠬᠦ ᠶᠢᠨ ᠲᠥᠯᠥᠭᠡ ᠣᠯᠠᠨ ᠳᠠᠪᠬᠤᠷ ᠠᠮᠠᠪᠴᠢ ᠵᠡᠭᠦᠬᠦ ᠴᠢᠬᠤᠯᠠ ᠦᠭᠡᠢ᠃      9. ᠶᠠᠮᠠᠷᠪᠠ ᠪᠠᠶᠢᠳᠠᠯ ᠳᠣᠤᠷ᠎ᠠ ᠴᠤ ᠬᠡᠳ ᠪᠥᠰ ᠠᠮᠠᠪᠴᠢ ᠵᠡᠬᠦᠭᠰᠡᠨ ᠤ ᠬᠡᠷᠡᠭ ᠦᠭᠡᠶ ︵ᠵᠢᠱᠢᠶᠡᠯᠡᠪᠡᠯ ᠬᠥᠪᠥᠩ ᠪᠦᠰ ᠪᠤᠶᠤ ᠰᠡᠮᠡᠳᠡᠰᠦᠨ ᠪᠥᠰ ᠤᠨ ᠠᠮᠠᠪᠴᠢ︶᠃    
 
ᠢᠷᠡᠯᠲᠡ᠄ ᠦᠬᠠᠶ ᠬᠤᠲᠠ ᠶᠢᠨ ᠠᠷᠠᠳ ᠤᠨ ᠵᠠᠰᠠᠭ ᠤᠨ ᠣᠷᠳᠣᠨ 
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号