5 ᠰᠠᠷ᠎ᠠ ᠶᠢᠨ 22 ᠤᠨ ᠦᠳᠠ ᠶᠢᠨ ᠬᠤᠶᠢᠨ᠎ᠠ᠂ ᠶᠡᠷᠤᠩᠭᠡᠢ ᠱᠦᠵᠢ ᠰᠢ ᠶᠢᠨ ᠫᠢᠡᠭ ᠦᠪᠤᠷ ᠮᠤᠩᠭᠤᠯ ᠤᠨ | ᠲᠦᠯᠤᠭᠡᠯᠡᠭᠴᠢᠳ ᠤᠨ ᠪᠦᠯᠭᠦᠮ ᠤᠨ ᠬᠢᠨᠠᠨ ᠵᠦᠪᠯᠡᠭᠦ ᠳᠤ ᠤᠷᠤᠯᠴᠠᠬᠤ ᠳᠠᠭᠠᠨ ᠵᠠᠬᠢᠭᠰᠠᠨ ᠵᠢᠭᠠᠪᠤᠷᠢ ᠰᠤᠷᠭᠠᠯ ᠨᠢ | ᠤᠯᠠᠨ ᠲᠦᠮᠡᠨ ᠤ ᠠᠩᠬᠠᠷᠤᠯ ᠢ ᠲᠠᠳᠠᠯ᠎ᠠ᠃ ︽ᠦᠡᠭᠭᠡᠷᠡᠭᠰᠠᠨ ᠳᠤ ᠪᠢᠳᠠ ᠨᠢᠭᠡ ᠪᠦᠯᠦᠭ ᠵᠠᠳᠠᠭᠠᠢ ᠨᠡᠭᠦᠷᠡᠰᠤᠨ ᠤ | ᠠᠭᠤᠷᠬᠠᠢ ᠪᠤᠯᠤᠨ ᠪᠤᠰᠤᠳ ᠠᠭᠤᠷᠬᠠᠢ ᠶᠢ ᠨᠡᠭᠡᠭᠡᠭᠡᠳ ᠠᠮᠢ ᠠᠬᠤᠢ ᠪᠠᠶᠢᠭᠠᠯᠢ ᠤᠷᠴᠢᠨ ᠳᠤ ᠭᠦᠨᠳᠤ ᠨᠤᠴᠢᠳᠠᠢ | ᠲᠠᠷᠤᠯᠳᠠ ᠤᠴᠠᠷᠠᠭᠤᠯᠤᠯ᠎ᠠ᠂ ᠪᠢᠳᠠ ᠵᠢᠵᠢᠭ ᠠᠭᠤᠷᠬᠠᠢ ᠨᠤᠭᠤᠳ ᠤᠨ ᠡᠵᠡᠩᠨᠠᠯᠳᠠ ᠶᠢᠨ ᠬᠤᠭᠤᠴᠠᠭ᠎ᠠ ᠨᠢ | ᠲᠤᠯᠤᠭᠰᠠᠨ ᠤ ᠲᠠᠷᠠᠭ᠎ᠠ ᠲᠠᠬᠢᠭᠠᠳ ᠡᠵᠡᠩᠨᠡᠭᠦᠯᠭᠦ ᠦᠭᠡᠢ᠂ 2023 ᠤᠨ ᠪᠤᠯᠳᠠᠯ᠎ᠠ ᠡᠵᠡᠩᠨᠡᠯᠳᠠ ᠶᠢᠨ | ᠬᠤᠭᠤᠴᠠᠭᠠᠨ ᠳᠤ ᠪᠠᠶᠢᠭ᠎ᠠ ᠠᠭᠤᠯᠠ ᠠᠭᠤᠷᠬᠠᠢ ᠶᠢ ᠪᠦᠷ ᠪᠤᠬᠢᠷᠳᠤᠯ ᠦᠭᠡᠢ ᠠᠭᠤᠷᠬᠠᠢ ᠪᠤᠯᠭᠠᠨ ᠪᠠᠶᠢᠭᠤᠯᠬᠤ ᠪᠠᠷ | ᠪᠠᠶᠢᠨ᠎ᠠ︾ ᠭᠡᠵᠤ ᠰᠢᠯᠢ ᠶᠢᠨ ᠭᠤᠤᠯ ᠠᠶᠢᠮᠠᠭ ᠤᠨ ᠲᠠᠷᠤᠭ᠎ᠠ᠂ ᠲᠦᠯᠤᠭᠡᠯᠡᠭᠴᠢ ᠾᠦᠸᠧ ᠵᠤᠤ ᠯᠢᠶᠠᠩ ᠤᠨ ᠶᠠᠷᠢᠬᠤ ᠶᠢ | ᠰᠤᠨᠤᠰᠤᠭᠰᠠᠨ ᠤ ᠲᠠᠷᠠᠭ᠎ᠠ᠂ ᠶᠡᠷᠤᠩᠭᠡᠢ ᠱᠦᠵᠢ ᠰᠢ ᠶᠢᠨ ᠫᠢᠡᠭ᠄ ︽ᠵᠠᠳᠠᠭᠠᠢ ᠨᠡᠭᠦᠷᠡᠰᠤᠨ ᠤ ᠠᠭᠤᠷᠬᠠᠢ ᠤᠳᠤ ᠬᠡᠳᠤᠢ | ᠪᠠᠶᠢᠨ᠎ᠠ︖︾ ᠭᠡᠵᠤ ᠠᠰᠠᠭᠤᠬᠤ ᠳᠤ᠂ ᠾᠦᠸᠧ ᠵᠤᠤ ᠯᠢᠶᠠᠩ᠄ ︽ᠪᠠᠰᠠ ᠨᠢᠭᠡ ᠪᠦᠯᠦᠭ ᠪᠠᠶᠢᠨ᠎ᠠ︾ ᠭᠡᠵᠤ | ᠬᠠᠷᠢᠭᠤᠯᠵᠠᠢ᠃ ᠶᠡᠷᠤᠩᠬᠡᠢ ᠱᠦᠵᠢ᠄ ︽ᠬᠤᠵᠢᠮ ᠲᠠᠬᠢᠵᠤ ᠠᠭᠤᠷᠬᠠᠢ ᠨᠡᠮᠡᠭᠦ ᠦᠭᠡᠢ ᠪᠢᠵᠠ︖︾ ᠭᠡᠵᠤ | ᠭᠦᠰᠡᠮᠵᠢᠯᠡᠨ ᠠᠰᠠᠭᠤᠬᠰᠠᠨ ᠳᠤ᠂ ᠾᠦᠸᠧ ᠵᠤᠤ ᠯᠢᠶᠠᠩ᠄ ︽ᠲᠠᠬᠢᠵᠤ ᠨᠡᠮᠡᠭᠦ ᠦᠭᠡᠢ︕ ᠪᠦᠭᠦ ᠠᠶᠢᠮᠠᠭ ᠤᠨ | 60% ᠠᠴᠠ ᠲᠡᠭᠡᠭᠰᠢᠬᠢ ᠨᠤᠳᠤᠭ ᠢ ᠪᠦᠷ ᠠᠮᠢ ᠠᠬᠤᠢ ᠶᠢᠨ ᠬᠠᠮᠠᠭᠠᠯᠠᠯᠳᠠ ᠶᠢᠨ ᠬᠡᠪᠴᠢᠶᠠᠨ ᠳᠤ ᠤᠷᠤᠭᠤᠯᠤᠯ᠎ᠠ︾ | ᠭᠡᠯ᠎ᠠ᠃ | | ᠢᠡᠭᠬᠢᠭᠦ ᠳᠤ ᠶᠡᠷᠤᠩᠬᠡᠢ ᠱᠦᠵᠢ ᠰᠢ ᠶᠢᠨ ᠫᠢᠡᠭ᠄ ︽ᠲᠠᠷᠠ ᠬᠡᠪ ᠢᠶᠠᠷ ᠨᠢ ᠦᠯᠡᠳᠡᠭᠡ᠂ ᠤᠢᠷ᠎ᠠ | ᠬᠤᠶᠢᠴᠢᠰ ᠲᠤ ᠴᠢᠨᠢ ᠪᠤᠶᠠᠨ ᠪᠤᠯᠬᠤ ᠶᠤᠮ︾ ᠭᠡᠵᠤ ᠵᠢᠭᠠᠪᠤᠷᠢᠯᠠᠭᠰᠠᠨ ᠪᠠᠶᠢᠨ᠎ᠠ᠃ ᠶᠡᠷᠤᠩᠬᠡᠢ ᠱᠦᠵᠢ ᠶᠢᠨ ᠡᠨᠡᠭᠦ | ᠵᠢᠭᠠᠪᠤᠷᠢ ᠵᠠᠬᠢᠶ᠎ᠠ ᠨᠢ ᠬᠤᠷᠠᠯ ᠳᠤ ᠤᠷᠤᠯᠴᠠᠵᠤ ᠪᠠᠶᠢᠭ᠎ᠠ ᠲᠦᠯᠤᠭᠡᠯᠡᠭᠴᠢᠳ ᠲᠤ ᠲᠦᠢᠯ ᠤᠨ ᠶᠡᠭᠡ ᠵᠤᠷᠢᠭᠵᠢᠭᠤᠯᠤᠯ | ᠪᠤᠯᠤᠬᠰᠠᠨ ᠢᠶᠠᠷ ᠪᠠᠷᠠᠬᠤ ᠦᠭᠡᠢ᠂ ᠦᠪᠤᠷ ᠮᠤᠩᠭᠤᠯ ᠤᠨ ᠦᠷᠭᠡᠨ ᠤᠯᠠᠨ ᠮᠠᠯᠴᠢᠨ ᠲᠦᠮᠡᠨ ᠤ ᠬᠠᠯᠠᠭᠤᠨ | ᠭᠦᠷᠢᠶᠠᠯᠠᠯ ᠢ ᠤᠯᠵᠤ᠂ ᠲᠡᠳᠠᠨ ᠤ ᠠᠮᠢ ᠠᠬᠤᠢ ᠪᠠᠨ ᠬᠠᠮᠠᠭᠠᠯᠠᠵᠤ ᠭᠦᠭᠵᠢᠭᠦᠯᠭᠦ ᠡᠷᠴᠢ ᠵᠤᠷᠢᠭ ᠢ ᠨᠢ | ᠭᠦᠪᠴᠢᠯᠡᠭᠰᠠᠨ ᠶᠤᠮ᠃ ᠢᠡᠭᠬᠢᠭᠡᠳ ᠰᠤᠷᠪᠤᠯᠵᠢᠯᠠᠭᠴᠢ ᠡᠨᠡᠭᠦ ᠰᠡᠳᠤᠪ ᠢᠶᠠᠷ ᠬᠤᠶᠠᠷ ᠬᠤᠷᠠᠯ ᠳᠤ ᠤᠷᠤᠯᠴᠠᠵᠤ | ᠪᠠᠶᠢᠭ᠎ᠠ ᠪᠦᠭᠦ ᠤᠯᠤᠰ ᠤᠨ ᠠᠷᠠᠳ ᠤᠨ ᠲᠦᠯᠤᠭᠡᠯᠡᠭᠴᠢ᠂ ᠬᠢᠨᠭ᠍ᠭᠠᠨ ᠠᠶᠢᠮᠠᠭ ᠤᠨ ᠤᠯᠤᠰ ᠤᠨ ᠦᠮᠴᠢᠯᠠᠯᠳᠤ ᠤᠢ | ᠰᠢᠭᠤᠢ ᠶᠢᠨ ᠲᠠᠯᠠᠪᠠᠢ ᠪᠤᠯᠤᠨ ᠰᠢᠭᠤᠢᠢᠳᠤ ᠤᠷᠤᠨ ᠤ ᠬᠠᠮᠢᠶᠠᠷᠤᠯᠳᠠ ᠶᠢᠨ ᠲᠤᠪᠴᠢᠶᠠᠨ ᠳᠤ ᠠᠵᠢᠯ ᠠᠯᠪᠠ ᠲᠠᠢ | ᠴᠧᠨ ᠯᠢᠶᠠᠩ᠂ ᠰᠢᠯᠢ ᠶᠢᠨ ᠭᠤᠤᠯ ᠠᠶᠢᠮᠠᠭ ᠤᠨ ᠰᠢᠯᠤᠭᠤᠨ ᠭᠦᠭᠡ ᠬᠤᠰᠢᠭᠤᠨ ᠤ ᠪᠤᠱᠤᠤᠳᠠᠢ ᠰᠤᠮᠤᠨ ᠤ ᠨᠠᠮ ᠤᠨ | ᠬᠤᠷᠢᠶᠠᠨ ᠤ ᠲᠡᠳ᠋ ᠱᠦᠵᠢ᠂ ᠰᠤᠮᠤᠨ ᠲᠠᠷᠤᠭ᠎ᠠ ᠠᠯᠳᠠᠨᠰᠦ᠋ᠭᠡ᠂ ᠰᠢᠯᠢ ᠶᠢᠨ ᠭᠤᠤᠯ ᠠᠶᠢᠮᠠᠭ ᠤᠨ ᠰᠤᠷᠤᠭᠴᠢ ᠡᠯᠰᠡᠭᠦ | ᠰᠢᠯᠭᠠᠯᠳᠠ ᠶᠢᠨ ᠲᠦᠪ ᠤᠨ ᠦᠨᠳᠤᠷ ᠲᠡᠰ ᠤᠨ ᠪᠠᠭᠰᠢ᠂ ᠢᠷᠠᠭᠤ ᠨᠠᠶᠢᠷᠠᠭᠴᠢ ᠰ᠊ · ᠯᠾᠨᠮᠤᠵᠠᠪ᠂ ᠠᠪᠠᠭ᠎ᠠ | ᠬᠤᠰᠢᠭᠤᠨ ᠤ ᠬᠤᠨᠭ᠍ᠭᠤᠷᠭᠤᠤᠯ ᠪᠠᠯᠭᠠᠰᠤᠨ ᠤ ᠲᠦᠭᠦᠷᠢᠭ ᠭᠠᠴᠠᠭᠠᠨ ᠤ ᠮᠠᠯᠴᠢᠨ ᠮᠦᠡᠭᠭᠦᠨᠴᠡᠴᠡᠭ ᠨᠠᠷ ᠢ ᠭᠠᠷ | ᠤᠳᠠᠰᠤ ᠪᠠᠷ ᠰᠤᠷᠪᠤᠯᠵᠢᠯᠠᠭᠰᠠᠨ ᠳᠤ ᠲᠠᠳᠠ ᠡᠨᠡ ᠲᠤᠬᠠᠢ ᠲᠤᠰ ᠲᠤᠰ ᠤᠨ ᠦᠢᠯᠠᠭᠠᠯᠳᠠ ᠲᠦᠷᠦᠭᠳᠡᠯ ᠦᠵᠡᠯ | ᠪᠤᠳᠤᠯ ᠢᠶᠠᠨ ᠶᠠᠷᠢᠭᠰᠠᠨ ᠶᠤᠮ᠃ | | ︽ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠲᠠ ᠶᠢ ᠴᠢᠩᠭᠠᠳᠬᠠᠬᠤ ᠪᠠᠶᠢᠯᠲᠤᠬᠤ ᠪᠤᠲᠤᠯᠭ᠎ᠠ ᠶᠢᠨ ᠲᠤᠭᠲᠠᠯ | ᠬᠦᠴᠤᠨ ᠢᠶᠠᠨ ᠪᠠᠳᠤᠯᠠᠵᠤ᠂ ᠠᠮᠢ ᠠᠬᠤᠢ ᠶᠢ ᠤᠷᠢᠳ ᠢᠶᠠᠷ ᠪᠤᠲᠤᠯᠬᠢᠯᠠᠬᠤ᠂ ᠪᠤᠬᠢᠷᠲᠤᠯ ᠦᠭᠡᠢ ᠪᠠᠷ ᠬᠦᠭᠵᠢᠬᠦᠯᠬᠦ | ᠤᠲᠤᠷᠢᠲᠤᠮᠵᠢ ᠶᠢ ᠪᠠᠲᠤ ᠪᠤᠢ ᠪᠤᠯᠭᠠᠨ᠂ ᠬᠦᠭᠡ ᠤᠭᠳᠠᠷᠭᠤᠢ᠂ ᠬᠦᠭᠡᠮᠲᠦᠭ ᠤᠰᠤ᠂ ᠠᠷᠢᠭᠤᠨ ᠬᠦᠷᠦᠰᠦ ᠶᠢᠨ | ᠬᠠᠮᠠᠭᠠᠯᠠᠯᠲᠠ ᠶᠢᠨ ᠲᠠᠶᠢᠯᠠᠯᠲᠤᠭᠠᠠ ᠢ ᠦᠷᠬᠦᠯᠵᠢᠯᠠᠠ ᠰᠠᠶᠢᠳᠤᠷ ᠬᠢᠵᠦ᠂ ᠡᠭᠡ ᠤᠯᠤᠰ ᠤᠨ ᠤᠮᠠᠷᠠᠲᠦ ᠶᠢᠨ ᠡᠨᠡ ᠬᠦ | ᠲᠦᠮᠡᠡ ᠭᠠᠵᠠᠷ ᠤᠨ ᠨᠤᠮᠢᠨ ᠨᠤᠭᠤᠭᠠᠠ ᠤᠷᠲᠤ ᠴᠠᠭᠠᠠ ᠭᠡᠷᠡᠮ ᠢ ᠨᠡᠩ ᠪᠡᠳᠤ ᠪᠠᠬᠢ ᠴᠤᠭᠴᠠᠯᠠᠬᠤ ᠭᠡᠷᠡᠭᠲᠡᠢ︾ ᠭᠡᠵᠤ | ᠶᠠᠷᠤᠩᠬᠡᠢ ᠱᠦᠵᠢ ᠰᠢ ᠶᠢᠨ ᠫᠢᠩ ᠵᠢᠭᠠᠪᠤᠷᠢᠯᠠᠭᠰᠠᠨ ᠶᠤᠮ᠃ |