ᠤᠢᠢᠷ᠎ᠠ ᠶᠢᠨ ᠡᠳᠦᠷ᠂ ᠬᠤᠳᠠ ᠶᠢᠨ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠬᠠᠶᠢᠷᠤᠪ ᠤᠨ | ᠲᠤᠬᠤᠢ ᠲᠣᠭᠤᠷᠢᠭ ᠤᠨ ᠨᠠᠮ ᠤᠨ ᠬᠤᠷᠢᠶᠠᠨ ᠤ ᠱᠦᠵᠢ ᠰᠦᠨ ᠬᠤᠤ ᠵᠦᠵᠸᠤ ᠶᠢᠨ ᠵᠦᠩ ᠴᠧ ᠱᠢ ᠴᠠᠬᠢᠯᠭᠠᠨ ᠤ | ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠶᠡᠷᠦᠩᠬᠡᠢ ᠳᠠᠭᠠᠭᠠᠮᠠᠯ ᠱᠠᠩ ᠵᠢᠩ ᠨᠡᠷ ᠲᠠᠢ ᠠᠭᠤᠯᠵᠠᠵᠤ᠂ | ᠬᠤᠶᠠᠷ ᠲᠠᠯ᠎ᠠ ᠪᠠᠷ ᠢᠶᠠᠨ ︽ᠰᠤᠳᠤᠯᠤᠨ ᠦᠢᠯᠡᠳᠪᠦᠷᠢᠯᠡᠬᠦ ᠪᠣᠷᠣᠯᠠᠭᠤᠯᠬᠤ ᠦᠢᠯᠡᠴᠢᠯᠡᠬᠦ︾ ᠶᠢ ᠨᠢᠭᠡ | ᠴᠤᠬᠴᠠᠵᠢᠭᠤᠯᠤᠭᠰᠠᠨ ︽ᠨᠡᠭᠦᠷᠡᠰᠦᠲᠥ᠋ᠷᠥᠭᠴᠢ ᠦᠭᠡᠢ︾ ᠣᠶᠤᠨᠴᠢ ᠲᠣᠨᠣᠭᠯᠠᠯ ᠤᠨ ᠠᠵᠤ ᠦᠢᠯᠡᠰ ᠤᠨ | ᠰᠠᠭᠤᠷᠢᠨ ᠤ ᠲᠦᠷᠦᠯ ᠵᠦᠢᠯ ᠤᠨ ᠲᠤᠬᠠᠢ ᠰᠣᠯᠢᠯᠴᠠᠭ᠎ᠠ ᠵᠥᠪᠳᠡᠯᠴᠡᠭᠡ ᠥᠷᠨᠢᠭᠦᠯᠵᠡᠢ᠃ | | ᠰᠦᠨ ᠬᠤᠤ ᠶᠢᠨ ᠲᠠᠨᠢᠯᠴᠠᠭᠤᠯᠤᠭᠰᠠᠨ ᠢᠶᠠᠷ᠂ ᠣᠳᠣᠬᠠᠨ ᠳᠤ ᠦᠬᠠᠢ ᠬᠤᠳᠠ ᠶᠢᠨ ᠬᠢᠨ ᠪᠦᠬᠦ ᠤᠯᠤᠰ ᠤᠨ | ︽ᠬᠤᠶᠠᠷ ᠬᠤᠷᠠᠯ︾ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠵᠤ᠂ ᠤᠯᠤᠰ ᠤᠨ ︽ᠬᠤᠣᠰ | ᠡᠵᠡᠮᠳᠡᠯ︾ ᠤᠨ ᠲᠦᠷᠦ ᠶᠢᠨ ᠪᠤᠳᠤᠯᠭ᠎ᠠ ᠶᠢ ᠴᠢᠩᠭ᠎ᠠ ᠬᠡᠷᠡᠭᠵᠢᠭᠦᠯᠵᠦ᠂ ᠠᠵᠤ ᠦᠢᠯᠡᠰ ᠤᠨ ᠬᠡᠯᠪᠡᠷᠢ ᠶᠢ | ᠬᠤᠪᠢᠷᠠᠭᠤᠯᠬᠤ ᠪᠠ ᠬᠤᠳᠠ ᠶᠢᠨ ᠬᠡᠯᠪᠡᠷᠢ ᠶᠢ ᠬᠤᠪᠢᠷᠠᠭᠤᠯᠬᠤ ᠶᠢ ᠯᠠᠪᠳᠠᠭᠤᠨ ᠪᠠᠲᠤᠲᠠᠢ ᠠᠬᠢᠭᠤᠯᠵᠤ᠂ ᠦᠩᠭᠡ | ᠦᠵᠡᠮᠵᠢ ᠤᠰᠤᠲᠥ᠋ᠷᠥᠭᠴᠢ ᠶᠢ ᠨᠥᠭᠡᠴᠡᠯᠡᠨ ᠬᠡᠷᠡᠭᠯᠡᠬᠦ ᠶᠢ ᠨᠢᠭᠡ ᠴᠤᠬᠴᠠᠵᠢᠭᠤᠯᠤᠬᠰᠠᠨ ᠰᠢᠨ᠎ᠡ ᠡᠨᠧᠷᠭᠢ ᠶᠢᠨ ᠪᠦᠬᠦ | ᠠᠵᠤ ᠦᠢᠯᠡᠰ ᠤᠨ ᠬᠡᠯᠬᠢᠶ᠎ᠡ ᠶᠢᠨ ᠰᠠᠭᠤᠷᠢᠨ ᠢ ᠪᠦᠬᠦ ᠬᠦᠴᠦᠨ ᠢᠶᠠᠷ ᠢᠶᠠᠨ ᠴᠣᠭᠴᠠᠯᠠᠵᠤ ᠪᠠᠶᠢᠨ᠎ᠠ᠃ ᠬᠠᠶᠢᠷᠤᠪ ᠤᠨ | ᠲᠤᠬᠤᠢ ᠲᠤᠭᠤᠷᠢᠭ ᠤᠨ ᠤᠯᠠᠨ ᠠᠴᠠ ᠣᠨᠴᠠᠭᠠᠢ ᠣᠷᠣᠨ ᠪᠠᠶᠢᠷᠢ ᠶᠢᠨ ᠳᠠᠪᠠᠭᠤᠯᠢᠭ᠂ ᠡᠬᠢ ᠪᠠᠶᠠᠯᠢᠭ ᠤᠨ | ᠳᠠᠪᠠᠭᠤᠯᠢᠭ᠂ ᠠᠵᠤ ᠦᠢᠯᠡᠰ ᠤᠨ ᠲᠦᠷᠦ ᠶᠢᠨ ᠪᠤᠳᠤᠯᠭ᠎ᠠ ᠵᠡᠷᠭᠡ ᠳᠠᠪᠠᠭᠤᠯᠢᠭ ᠲᠠᠭᠠᠨ ᠰᠠᠭᠤᠷᠢᠯᠠᠵᠤ᠂ ︽ | ᠦᠢᠯᠡᠳᠪᠦᠷᠢᠯᠡᠯ ᠬᠤᠳᠠ ᠶᠢ ᠠᠭᠤᠰᠤᠯᠴᠠᠭᠤᠯᠬᠤ︾ ᠰᠢᠨ᠎ᠡ ᠡᠨᠧᠷᠭᠢ ᠪᠠᠷ ᠭᠤᠣᠯ ᠴᠣᠭᠴᠠ ᠪᠣᠯᠭᠠᠭᠰᠠᠨ ᠠᠵᠤ | ᠦᠢᠯᠡᠳᠪᠦᠷᠢ᠂ ᠬᠤᠳᠠ ᠶᠢᠨ ᠡᠨᠧᠷᠭᠢ ᠶᠢᠨ ᠬᠠᠩᠭᠠᠯᠭ᠎ᠠ ᠶᠢᠨ ᠰᠢᠰᠲ᠋ᠧᠮ ᠢ ᠢᠳᠡᠪᠬᠢᠲᠡᠢ ᠰᠦᠪᠡᠭᠴᠢᠯᠡᠨ | ᠬᠡᠷᠡᠭᠵᠢᠭᠦᠯᠵᠦ᠂ ᠪᠡᠯᠡ ᠣᠷᠣᠭᠤᠯᠤᠯᠲᠠ ᠶᠢᠨ ᠣᠷᠴᠢᠨ ᠲᠣᠭᠤᠷᠢᠨ ᠰᠠᠶᠢᠨ ᠪᠠᠶᠢᠵᠤ᠂ ᠥᠷᠭᠡᠨ ᠠᠭᠤᠳᠠᠮ | ᠬᠥᠭᠵᠢᠯᠲᠡ ᠶᠢᠨ ᠣᠷᠣᠨ ᠵᠠᠢ ᠶᠢ ᠠᠭᠤᠯᠵᠤ ᠪᠤᠢ᠃ ᠪᠦᠷᠢᠨ ᠲᠡᠭᠦᠯᠳᠡᠷ ᠠᠵᠤ ᠦᠢᠯᠡᠳᠪᠦᠷᠢ ᠶᠢᠨ ᠰᠠᠭᠤᠷᠢ | ᠲᠥᠬᠦᠭᠡᠷᠦᠮᠵᠢ ᠶᠢᠨ ᠢᠵᠢ ᠪᠦᠷᠢᠳᠦᠭᠰᠡᠨ ᠰᠢᠰᠲ᠋ᠧᠮ ᠪᠣᠯᠤᠨ ᠡᠯᠪᠡᠭ ᠪᠠᠶᠠᠯᠢᠭ ᠠᠵᠤ ᠦᠢᠯᠡᠰ ᠤᠨ ᠬᠥᠭᠵᠢᠯᠲᠡ ᠶᠢᠨ | ᠲᠤᠷᠰᠢᠯᠭ᠎ᠠ ᠳᠤ ᠲᠦᠰᠢᠭᠯᠡᠨ᠂ ᠢᠷᠡᠭᠡᠳᠦᠢ ᠳᠤ ᠵᠦᠵᠸᠤ ᠶᠢᠨ ᠵᠦᠩ ᠴᠧ ᠴᠠᠬᠢᠯᠭᠠᠨ ᠤ ᠬᠤᠪᠢ ᠣᠷᠣᠭᠤᠯᠤᠭᠰᠠᠨ | ᠬᠢᠵᠠᠭᠠᠷᠲᠤ ᠺᠣᠮᠫᠠᠨᠢ ᠯᠤᠭ᠎ᠠ ᠶᠢᠨ ᠬᠠᠮᠲᠤᠷᠠᠯᠴᠠᠭ᠎ᠠ ᠨᠢ ᠬᠠᠶᠢᠷᠤᠪ ᠤᠨ ᠲᠤᠬᠤᠢ ᠲᠣᠭᠤᠷᠢᠭ ᠤᠨ ᠰᠢᠨ᠎ᠡ ᠡᠨᠧᠷᠭᠢ ᠶᠢᠨ | ᠠᠵᠤ ᠦᠢᠯᠡᠰ ᠤᠨ ᠴᠢᠨᠠᠷ ᠰᠠᠶᠢᠲᠠᠢ ᠬᠥᠭᠵᠢᠯᠲᠡ ᠳᠤ ᠬᠦᠴᠦᠨ ᠨᠡᠮᠡᠷᠢᠯᠡᠵᠦ᠂ ᠣᠷᠣᠨ ᠨᠤᠲᠤᠭ ᠠᠵᠤ ᠠᠬᠤᠶᠢᠯᠠᠯ | ᠬᠤᠶᠠᠷ ᠲᠠᠯ᠎ᠠ ᠶᠢᠨ ᠬᠠᠷᠢᠯᠴᠠᠨ ᠠᠰᠢᠭᠲᠠᠢ ᠬᠠᠮᠲᠤᠪᠠᠷ ᠠᠰᠢᠭ ᠬᠦᠷᠳᠡᠬᠦ ᠶᠢ ᠪᠡᠶᠡᠯᠡᠭᠦᠯᠵᠦ᠂ ᠦᠬᠠᠢ ᠬᠤᠳᠠ ᠶᠢᠨ | ᠳᠡᠭᠡᠳᠦ ᠲᠡᠰ ᠤᠨ ᠲᠤᠨᠤᠭ ᠲᠥᠬᠦᠭᠡᠷᠦᠮᠵᠢ ᠦᠢᠯᠡᠳᠬᠦ ᠪᠠ ᠰᠢᠨ᠎ᠡ ᠡᠨᠧᠷᠭᠢ ᠶᠢᠨ ᠠᠵᠤ ᠦᠢᠯᠡᠰ ᠤᠨ ᠲᠠᠪᠠᠯᠳᠠᠳᠤ | ᠮᠠᠶ᠋ᠢᠭ ᠤᠨ ᠬᠥᠭᠵᠢᠯᠲᠡ ᠲᠠᠢ ᠪᠣᠯᠬᠤ ᠶᠢ ᠠᠬᠢᠭᠤᠯᠬᠤ ᠪᠣᠯᠤᠨ᠎ᠠ ᠭᠡᠪᠡ᠃ | ᠱᠠᠩ ᠵᠢᠩ ᠢᠯᠡᠷᠬᠡᠶᠢᠯᠡᠬᠦ ᠳᠡᠭᠡᠨ᠂ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠥᠬᠡᠶ ᠤᠶᠤᠨᠲᠤ | ᠲᠣᠨᠣᠭᠯᠠᠯ ᠤᠨ ᠠᠵᠤ ᠤᠶᠢᠯᠡᠰ ᠢ ᠦᠬᠠᠶ ᠬᠤᠲᠠ ᠳᠤ ᠨᠠᠶᠢᠳᠠᠪᠤᠷᠢᠵᠢᠭᠤᠯᠬᠤ ᠨᠢ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠪᠥᠬᠦ ᠠᠵᠤ ᠤᠶᠢᠯᠡᠰ ᠤᠨ ᠬᠡᠯᠬᠢᠶᠡᠨ ᠤ ᠰᠡᠳᠬᠢᠬᠦᠶ ᠪᠠᠷ ᠠᠵᠤ ᠤᠶᠢᠯᠡᠰ ᠤᠨ | ᠬᠥᠭᠵᠢᠯᠲᠡ ᠶᠢ ᠰᠦᠪᠡᠭᠴᠢᠯᠡᠬᠦ ᠳᠤ ᠨᠡᠶᠢᠴᠡᠨ᠎ᠡ᠂ ︽ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠥᠬᠡᠶ︾ | ᠤᠶᠤᠨᠲᠤ ᠲᠣᠨᠣᠭᠯᠠᠯ ᠤᠨ ᠠᠵᠤ ᠤᠶᠢᠯᠡᠰ ᠤᠨ ᠰᠠᠭᠤᠷᠢᠨ ᠭᠠᠵᠠᠷ ᠤᠨ ᠲᠥᠷᠥᠯ ᠤᠶᠢᠯᠡᠰ ᠵᠤᠶᠢᠯ ᠢ ᠬᠠᠶᠢᠷᠤᠪ ᠤᠨ | ᠲᠤᠬᠤᠢ ᠲᠣᠭᠤᠷᠢᠭ ᠲᠤ ᠨᠠᠶᠢᠳᠠᠪᠤᠷᠢᠵᠢᠭᠤᠯᠬᠤ ᠶᠢ ᠬᠦᠰᠡᠵᠦ ᠪᠠᠶᠢᠨ᠎ᠠ ᠭᠡᠵᠡᠶ᠃ ᠬᠡᠷᠡᠯ ᠸᠣᠯᠲ + ᠠᠭᠤᠷᠬᠠᠶ ᠶᠢᠨ | ᠣᠷᠣᠨ ᠤ ᠠᠮᠢ ᠠᠬᠤᠶ ᠶᠢᠨ ᠵᠠᠰᠠᠯᠲᠠ ᠪᠠᠷ ᠭᠠᠷᠳᠠᠴᠠ ᠪᠣᠯᠭᠠᠵᠤ᠂ ᠬᠤᠪᠣᠷ ᠨᠠᠨᠳᠢᠨ ᠭᠠᠵᠠᠷ ᠰᠢᠷᠣᠶ ᠶᠢᠨ ᠡᠬᠢ | ᠪᠠᠶᠠᠯᠢᠭ ᠢ ᠭᠦᠢᠴᠡᠤᠡ ᠠᠰᠢᠭᠯᠠᠨ᠂ ᠠᠮᠢ ᠠᠬᠤᠶ ᠪᠠ ᠠᠵᠤ ᠠᠬᠤᠶ ᠶᠢᠨ ᠦᠷ᠎ᠡ ᠠᠰᠢᠭ ᠤᠨ ᠬᠤᠶᠠᠷ | ᠲᠠᠯ᠎ᠠ ᠪᠠᠷ ᠢᠶᠠᠨ ᠠᠰᠢᠭ ᠭᠥᠷᠳᠡᠬᠦ ᠪᠠᠶᠢᠳᠠᠯ ᠳᠤ ᠬᠦᠷᠦᠭᠦᠯᠦᠨ᠎ᠡ᠃ ᠵᠢᠯ ᠳᠤ ᠬᠡᠷᠡᠯ ᠴᠡᠨᠡᠭ ᠤᠨ ᠰᠥᠷᠬᠦ | ᠬᠤᠪᠢᠷᠠᠭᠠᠭᠤᠷ᠂ ᠰᠠᠯᠬᠢᠨ ᠬᠦᠴᠦᠨ ᠤ ᠴᠠᠬᠢᠯᠭᠠᠨ ᠤ ᠭᠦᠶᠦᠳᠡᠯ ᠥᠭᠡᠷᠡᠴᠢᠯᠡᠭᠴᠢ᠂ ᠴᠠᠬᠢᠯᠭᠠᠨ ᠬᠢᠮᠢ ᠶᠢᠨ ᠡᠨᠧᠷᠭᠢ | ᠬᠠᠳᠠᠭᠠᠯᠠᠬᠤ ᠰᠢᠰᠲ᠋ᠧᠮ᠂ ᠤᠰᠤᠲᠥ᠋ᠷᠥᠭᠴᠢ ᠤᠶᠢᠯᠡᠤᠡᠬᠦ ᠴᠠᠬᠢᠯᠭᠠᠨ ᠡᠭᠦᠰᠭᠡᠭᠴᠢ ᠵᠡᠷᠭᠡ 5GW ᠶᠢᠨ ︽ᠲᠡᠭ︾ | ᠨᠡᠭᠦᠷᠡᠰᠦᠲᠥ᠋ᠷᠥᠭᠴᠢ ᠶᠢᠨ ᠲᠣᠨᠤᠭ ᠲᠥᠬᠦᠭᠡᠷᠦᠮᠵᠢ ᠤᠶᠢᠯᠡᠤᠡᠪᠤᠷᠢᠯᠡᠬᠦ ᠶᠢ ᠪᠡᠶᠡᠯᠡᠭᠦᠯᠵᠦ᠂ ᠦᠬᠠᠶ ᠬᠤᠲᠠ ᠶᠢᠨ | ᠠᠵᠤ ᠤᠶᠢᠯᠡᠰ ᠤᠨ ᠪᠦᠲᠦᠴᠡ ᠶᠢᠨ ᠲᠣᠬᠢᠷᠠᠭᠤᠯᠤᠯᠲᠠ ᠳᠤ ᠬᠦᠴᠦᠨ ᠨᠡᠮᠡᠷᠢᠯᠡᠵᠦ᠂ ᠪᠣᠬᠢᠷᠲᠤᠯ ᠥᠬᠡᠶ ᠡᠨᠧᠷᠭᠢ ᠶᠢᠨ | ᠬᠡᠷᠡᠭᠯᠡᠯᠲᠡ ᠶᠢᠨ ᠬᠠᠷᠢᠴᠠᠯ ᠢ ᠲᠠᠰᠤᠷᠠᠯᠲᠠ ᠥᠬᠡᠶ ᠳᠡᠭᠡᠭᠰᠢᠯᠡᠭᠦᠯᠦᠨ᠂ ᠰᠢᠨ᠎ᠡ ᠡᠨᠧᠷᠭᠢ ᠶᠢᠨ ᠬᠠᠮᠢᠶ᠎ᠠ ᠪᠥᠬᠦᠶ ᠠᠵᠤ | ᠤᠶᠢᠯᠡᠰ ᠤᠨ ᠬᠥᠭᠵᠢᠯᠲᠡ ᠶᠢ ᠳᠠᠶᠢᠴᠢᠯᠠᠵᠤ᠂ ᠰᠢᠨ᠎ᠡ ᠡᠨᠧᠷᠭᠢ ᠶᠢᠨ ᠠᠵᠤ ᠤᠶᠢᠯᠡᠰ ᠤᠨ ᠬᠡᠯᠬᠢᠶ᠎ᠡ ᠪᠠ | ᠪᠥᠭᠡᠮᠨᠡᠷᠡᠯ ᠢ ᠪᠠᠶᠢᠭᠤᠯᠤᠨ᠂ ᠨᠡᠭᠦᠷᠡᠰᠦᠲᠥ᠋ᠷᠥᠭᠴᠢ ᠪᠠᠭ᠎ᠠ ᠭᠠᠳᠠᠭᠰᠢᠯᠠᠭᠤᠯᠬᠤ ᠬᠡᠯᠪᠡᠷᠢ ᠶᠢ ᠬᠤᠪᠢᠷᠠᠭᠤᠯᠤᠨ | ᠬᠥᠭᠵᠢᠭᠦᠯᠬᠦ ᠶᠢ ᠪᠡᠶᠡᠯᠡᠭᠦᠯᠦᠨ᠎ᠡ ᠭᠡᠪᠡ᠃ | |