ᠮᠡᠷᠭᠡᠵᠢᠯ ᠤᠨ ᠴᠢᠳᠠᠪᠤᠷᠢ ᠶᠢ ᠣᠯᠭᠤᠨ᠎ᠠ︕ ᠬᠠᠶᠢᠷᠤᠪ ᠤᠨ ᠲᠤᠬᠤᠢ ᠶᠢᠨ ᠡᠨᠡᠬᠦ ᠲᠦᠷᠦᠯ ᠵᠦᠢᠯ ᠪᠠᠷᠤᠭ 11 ᠰᠠᠷ᠎ᠠ ᠳᠤ ᠠᠰᠢᠭᠯᠠᠯᠲᠠ ᠳᠤ ᠤᠷᠤᠨ᠎ᠠ
ᠨᠡᠶᠢᠲᠡᠯᠡᠭᠰᠡᠨ ᠴᠠᠭ᠄
2022/8/22
      ᠤᠢᠢᠷ᠎ᠠ ᠳᠤ᠂ ᠵᠦᠵᠸᠤ ᠶᠢᠨ ᠵᠦᠩ ᠴᠧ ᠱᠢ ᠳ᠋ᠠᠢ ᠴᠠᠬᠢᠯᠭᠠᠨ ᠤ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠦᠬᠠᠢ ᠺᠣᠮᠫᠠᠨᠢ ᠬᠠᠶᠢᠷᠤᠪ ᠤᠨ ᠲᠤᠬᠤᠢ ᠶᠢᠨ ᠠᠵᠤ ᠦᠢᠯᠡᠰ ᠤᠨ ᠬᠦᠷᠢᠶᠡᠯᠡᠩ ᠳᠤ ᠫᠠᠶᠢᠰᠠ ᠰᠡᠬᠦᠬᠦ ᠶᠣᠰᠣᠯᠠᠯ ᠶᠠᠪᠤᠭᠤᠯᠵᠠᠢ᠃ ᠵᠦᠩ ᠴᠧ ᠱᠢ ᠳ᠋ᠠᠢ ᠴᠠᠬᠢᠯᠭᠠᠨ ᠬᠦᠴᠦᠨ ᠤ ᠦᠬᠠᠢ ᠺᠣᠮᠫᠠᠨᠢ ᠶᠢᠨ   ᠲᠠᠩ ᠨᠡᠭᠦᠷᠡᠰᠦᠲᠥ᠋ᠷᠥᠭᠴᠢ ᠶᠢᠨ ᠣᠶᠤᠨᠴᠢ ᠲᠣᠨᠣᠭᠯᠠᠯ ᠤᠨ ᠠᠵᠤ ᠦᠢᠯᠡᠰ ᠤᠨ ᠰᠠᠭᠤᠷᠢᠨ ᠤ ᠲᠦᠷᠦᠯ ᠵᠦᠢᠯ ᠢ ᠪᠠᠶᠢᠭᠤᠯᠤᠭᠰᠠᠨ ᠤ ᠳᠠᠷᠠᠭ᠎ᠠ᠂ ᠵᠢᠯ ᠳᠤ ︽ᠦᠩᠭᠡ ᠦᠵᠡᠮᠵᠢ ᠶᠢᠨ ᠤᠰᠤᠲᠥ᠋ᠷᠥᠭᠴᠢ ᠶᠢ ᠬᠠᠳᠠᠭᠠᠯᠠᠬᠤ︾ ᠵᠡᠷᠭᠡ ᠳᠠᠩ ᠨᠡᠭᠦᠷᠡᠰᠦᠲᠥ᠋ᠷᠥᠭᠴᠢ ᠶᠢᠨ ᠲᠣᠨᠣᠭᠯᠠᠯ ᠢ 5GW ᠦᠢᠯᠡᠳᠪᠦᠷᠢᠯᠡᠵᠦ᠂ ᠦᠬᠠᠢ ᠶᠢᠨ ᠪᠠᠷᠠᠭᠤᠨ ᠣᠷᠣᠨ ᠤ ︽ᠴᠡᠪᠡᠷ ᠡᠨᠧᠷᠭᠢ︾᠎ ᠶᠢᠨ ᠬᠤᠳᠠ ᠶᠢ ᠪᠠᠶᠢᠭᠤᠯᠬᠤ ᠳᠤ ᠬᠦᠴᠦ ᠨᠡᠮᠡᠷᠢᠯᠡᠨ᠎ᠡ᠃ ᠢᠷᠡᠭᠡᠳᠦᠢ ᠳᠤ᠂ ᠵᠦᠩ ᠴᠧ ᠱᠢ ᠳ᠋ᠠᠢ ᠴᠠᠬᠢᠯᠭᠠᠨ ᠨᠢ ᠦᠬᠠᠢ ᠺᠣᠮᠫᠠᠨᠢ ᠪᠠᠷ ᠲᠠᠪᠴᠠᠩ ᠪᠣᠯᠭᠠᠵᠤ᠂ ᠮᠡᠷᠭᠡᠵᠢᠯ ᠤᠨ ᠡᠨᠧᠷᠭᠢ ᠣᠯᠭᠤᠬᠤ ᠦᠢᠯᠡᠳᠦᠯ ᠢ ᠭᠦᠢᠴᠡᠳ ᠪᠠᠳᠠᠷᠠᠭᠤᠯᠵᠤ᠂ ᠦᠬᠠᠢ ᠶᠢᠨ ᠰᠢᠨ᠎ᠡ ᠡᠨᠧᠷᠭᠢ ᠶᠢᠨ ᠠᠵᠤ ᠦᠢᠯᠡᠰ ᠤᠨ ᠴᠢᠨᠠᠷ ᠰᠠᠶᠢᠲᠠᠢ ᠬᠥᠭᠵᠢᠯᠲᠡ ᠳᠤ ᠬᠦᠴᠦ ᠨᠡᠮᠡᠷᠢᠯᠡᠨ᠎ᠡ᠃ ᠡᠭᠦᠨ ᠤ ᠬᠠᠮᠲᠤ᠂ ᠦᠬᠠᠢ ᠶᠢᠨ ᠨᠡᠭᠦᠷᠡᠰᠦᠨ ᠠᠭᠤᠷᠬᠠᠢ᠂ ᠲᠡᠮᠦᠷᠯᠢᠭ ᠪᠣᠯᠪᠠᠰᠤᠷᠠᠭᠤᠯᠬᠤ᠂ ᠬᠦᠨᠳᠦ ᠺᠠᠷᠲ ᠬᠡᠷᠡᠭᠯᠡᠬᠦ ᠵᠡᠷᠭᠡ ᠤᠯᠠᠨ ᠡᠰᠢᠴᠢᠯᠡᠭᠰᠡᠨ ᠬᠡᠷᠡᠭᠯᠡᠭᠡᠨ ᠤ ᠲᠠᠯᠠᠪᠤᠷ ᠲᠠᠢ ᠢᠳᠡᠪᠬᠢᠲᠡᠢ ᠬᠠᠮᠵᠢᠯᠴᠠᠵᠤ᠂ ᠨᠡᠩ ᠤᠯᠠᠨ ᠵᠦᠩ ᠴᠧ ᠶᠢᠨ ᠤᠶᠤᠨ ᠤᠬᠠᠭᠠᠨ᠂ ᠵᠦᠩ ᠴᠧ ᠵᠢᠨ‌‍ᠲ᠋ᠥ᠋ᠰᠦᠯ ᠢᠶᠠᠷ ᠦᠵᠡᠰᠬᠦᠯᠡᠩᠲᠦ ᠰᠠᠶᠢᠬᠠᠨ ᠦᠬᠠᠢ ᠶᠢ ᠪᠦᠳᠦᠭᠡᠨ ᠪᠠᠶᠢᠭᠤᠯᠬᠤ ᠳᠤ ᠨᠡᠩ ᠤᠯᠠᠨ ᠨᠡᠩ ᠶᠡᠭᠡ ᠬᠤᠪᠢ ᠨᠡᠮᠡᠷᠢ ᠦᠵᠡᠭᠦᠯᠬᠦ ᠬᠡᠷᠡᠭᠲᠡᠢ ᠭᠡᠵᠦ ᠵᠢᠭᠠᠵᠤ ᠭᠠᠷᠭᠠᠪᠠ᠃ ᠣᠳᠣᠬᠠᠨ ᠳᠤ ᠲᠦᠷᠦᠯ ᠵᠦᠢᠯ ᠨᠢ ᠴᠢᠳᠠᠪᠤᠷᠢ ᠶᠢᠨ ᠦᠨᠡᠯᠡᠯᠲᠡ᠂ ᠣᠷᠴᠢᠨ ᠲᠣᠭᠤᠷᠢᠨ ᠤ ᠦᠨᠡᠯᠡᠯᠲᠡ᠂ ᠠᠮᠤᠷ ᠲᠦᠪᠰᠢᠨ ᠤ ᠦᠨᠡᠯᠡᠯᠲᠡ ᠵᠡᠷᠭᠡ ᠡᠮᠦᠨᠡᠬᠢ ᠬᠤᠭᠤᠴᠠᠭᠠᠨ ᠤ ᠭᠠᠷ ᠭᠦᠢᠴᠡᠳᠬᠡᠯ ᠢ ᠭᠦᠢᠴᠡᠳᠬᠡᠵᠦ ᠪᠤᠢ᠃
微信图片_20220822153028.png    
     ᠣᠶᠢᠯᠠᠭᠠᠭᠰᠠᠨ ᠢᠶᠠᠷ᠂ ᠵᠦᠵᠸᠤ ᠶᠢᠨ ᠵᠥᠩ ᠴᠧ ᠱᠢ ᠳ᠋ᠠᠢ ᠶᠢᠨ ᠴᠠᠬᠢᠯᠭᠠᠨ ᠤ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠪᠣᠯ ᠳᠤᠮᠳᠠᠳᠤ ᠤᠯᠤᠰ ᠤᠨ ᠵᠥᠩ ᠴᠧ ᠶᠢᠨ ᠬᠠᠷᠢᠶᠠᠨ ᠳᠠᠬᠢ ᠬᠤᠪᠢ ᠣᠷᠣᠭᠤᠯᠤᠭᠰᠠᠨ ᠳᠦᠷᠢᠮᠲᠦ ᠠᠵᠤ ᠠᠬᠤᠶᠢᠯᠠᠯ ᠮᠥᠨ᠂ ᠲᠡᠭᠦᠨ ᠤ ᠤᠤᠯ ᠨᠢ ᠡᠬᠡ ᠺᠣᠮᠫᠠᠨᠢ — ᠵᠥᠩ ᠴᠧ ᠵᠦᠵᠸᠤ ᠶᠢᠨ ᠴᠠᠬᠢᠯᠭᠠᠨ ᠬᠦᠴᠦᠨ ᠤ ᠪᠤᠬ᠎ᠠ ᠲᠡᠷᠭᠡ ᠰᠤᠳᠤᠯᠬᠤ ᠭᠠᠵᠠᠷ ᠤᠨ ᠬᠢᠵᠠᠭᠠᠷᠲᠤ ᠺᠣᠮᠫᠠᠨᠢ 1959 ᠣᠨ ᠳᠤ ᠪᠠᠶᠢᠭᠤᠯᠤᠭᠳᠠᠵᠠᠶ᠃ ᠺᠣᠮᠫᠠᠨᠢ ᠪᠣᠯ ︽A+H︾ ᠰᠲ᠋ᠣᠺ ᠢᠶᠠᠨ ᠵᠠᠬ᠎ᠠ ᠳᠡᠯᠭᠡᠭᠦᠷ ᠲᠤ ᠭᠠᠷᠭᠠᠭᠰᠠᠨ ᠺᠣᠮᠫᠠᠨᠢ ᠪᠣᠯᠤᠨ᠎ᠠ᠂ 2015 ᠣᠨ ᠳᠤ ᠬᠤᠶᠠᠳᠤᠭᠠᠷ ᠬᠤᠭᠤᠴᠠᠭᠠᠨ ᠤ ︽ᠳᠤᠮᠳᠠᠳᠤ ᠤᠯᠤᠰ ᠤᠨ ᠶᠠᠰᠤ ᠴᠢᠨᠠᠷ ᠤᠨ ᠱᠠᠩᠨᠠᠯ ︾᠎ ᠢ ᠬᠦᠷᠳᠡᠵᠤ᠂ 2021 ᠣᠨ ᠤ ᠡᠵᠡᠩᠨᠡᠯᠲᠡ ᠶᠢᠨ ᠣᠷᠣᠯᠭ᠎ᠠ 160 ᠳ᠋ᠦᠩᠰᠢᠭᠤᠷ ᠲᠥᠭᠦᠷᠢᠭ ᠢ ᠳᠠᠪᠠᠵᠤ᠂ ᠪᠦᠬᠦ ᠪᠥᠮᠪᠥᠷᠴᠡᠭ ᠤᠨ ᠵᠢᠮᠳᠤ ᠵᠠᠮ ᠬᠠᠷᠢᠯᠴᠠᠭᠠᠨ ᠤ ᠠᠵᠢᠯ ᠲᠦᠷᠦᠯ ᠤᠨ ᠲᠠᠭᠠᠭᠤᠯᠤᠭᠴᠢ ᠪᠠ ᠰᠢᠨ᠎ᠡ ᠡᠨᠧᠷᠭᠢ ᠶᠢᠨ ︽ᠦᠩᠭᠡ ᠦᠵᠡᠮᠵᠢ ᠶᠢᠨ ᠨᠥᠭᠡᠴᠡᠯᠡᠯ ᠤᠨ ᠲᠣᠣᠷ︾᠎ ᠤᠨ ᠰᠢᠰᠲ᠋ᠧᠮ ᠤᠨ ᠰᠢᠢᠳᠪᠦᠷᠢᠯᠡᠬᠦ ᠲᠥᠰᠦᠯ ᠬᠠᠩᠭᠠᠬᠤ ᠬᠤᠳᠠᠯᠳᠤᠭᠠᠴᠢᠨ ᠪᠣᠯᠤᠨ᠎ᠠ᠂ ᠠᠵᠤ ᠦᠢᠯᠡᠰ ᠨᠢ ᠵᠢᠮᠳᠤ ᠵᠠᠮ ᠬᠠᠷᠢᠯᠴᠠᠭ᠎ᠠ᠂ ᠰᠢᠨ᠎ᠡ ᠡᠨᠧᠷᠭᠢ ᠶᠢᠨ ᠴᠠᠬᠢᠯᠭᠠᠨ ᠭᠠᠷᠭᠠᠯᠲᠠ᠂ ᠰᠢᠨ᠎ᠡ ᠡᠨᠧᠷᠭᠢ ᠶᠢᠨ ᠮᠠᠰᠢᠨ ᠲᠡᠷᠭᠡ᠂ ᠴᠢᠮᠡᠭᠡ ᠬᠤᠯᠪᠣᠭᠠᠨ ᠤ ᠳᠤᠬᠢᠶ᠎ᠠ᠂ ᠴᠢᠳᠠᠯ ᠤᠨ ᠬᠠᠭᠠᠰ ᠳᠠᠮᠵᠢᠭᠤᠯᠤᠭᠴᠢ ᠶᠢᠨ ᠴᠢᠫ᠂ ᠠᠵᠤ ᠦᠢᠯᠡᠳᠪᠦᠷᠢ ᠶᠢᠨ ᠳᠠᠮᠵᠢᠭᠤᠯᠭ᠎ᠠ ᠵᠡᠷᠭᠡ ᠤᠯᠠᠨ ᠬᠦᠷᠢᠶ᠎ᠡ ᠳᠤ ᠬᠤᠯᠪᠣᠭᠳᠠᠨ᠎ᠠ᠃
微信图片_20220822153033.jpg     
      ᠰᠢᠨ᠎ᠡ ᠡᠨᠧᠷᠭᠢ ᠪᠠᠷ ᠴᠠᠬᠢᠯᠭᠠᠨ ᠭᠠᠷᠭᠠᠬᠤ ᠬᠦᠷᠢᠶᠡᠨ ᠳᠤ᠂ ᠵᠦᠩ ᠴᠧ ᠱᠢ ᠳ᠋ᠠᠢ ᠶᠢᠨ ᠴᠠᠬᠢᠯᠭᠠᠨ ᠨᠢ ︽ᠰᠠᠯᠬᠢ ᠭᠡᠷᠡᠯ ᠤᠨ ᠨᠥᠭᠡᠴᠡ ᠶᠢᠨ ᠲᠣᠣᠷ︾᠎ ᠤᠨ ᠰᠢᠰᠲ᠋ᠧᠮ ᠤᠨ ᠰᠢᠢᠳᠪᠦᠷᠢᠯᠡᠬᠦ ᠲᠥᠰᠦᠯ ᠢ ᠬᠠᠩᠭᠠᠵᠤ᠂ ᠦᠢᠯᠡᠳᠬᠦᠨ ᠳᠤ ᠭᠡᠷᠡᠯ ᠴᠡᠨᠡᠭ ᠤᠨ ᠰᠥᠷᠭᠡᠦ ᠬᠤᠪᠢᠷᠠᠭᠠᠭᠤᠷ᠂ ᠰᠠᠯᠬᠢᠨ ᠬᠦᠴᠦᠨ ᠤ ᠴᠠᠬᠢᠯᠭᠠᠨ ᠤ ᠭᠦᠶᠦᠳᠡᠯ ᠥᠭᠡᠷᠡᠴᠢᠯᠡᠭᠴᠢ᠂ ᠡᠨᠧᠷᠭᠢ ᠬᠠᠳᠠᠭᠠᠯᠠᠬᠤ ᠰᠢᠰᠲ᠋ᠧᠮ ᠵᠢᠴᠢ ᠡᠨᠧᠷᠭᠢ ᠶᠢᠨ ᠵᠠᠮᠨᠠᠭᠤᠷ ᠵᠡᠷᠭᠡ ᠰᠢᠨ᠎ᠡ ᠬᠡᠯᠪᠡᠷᠢ ᠶᠢᠨ ᠴᠠᠬᠢᠯᠭᠠᠨ ᠬᠦᠴᠦᠨ ᠤ ᠡᠯᠧᠺᠲᠷᠣᠨ ᠲᠤᠨᠤᠭ ᠲᠥᠬᠦᠭᠡᠷᠦᠮᠵᠢ ᠶᠢ ᠪᠠᠭᠲᠠᠭᠠᠪᠠ᠃ ᠰᠢᠨ᠎ᠡ ᠡᠨᠧᠷᠭᠢ ᠶᠢᠨ ᠰᠤᠷᠪᠤᠯᠵᠢ ᠪᠠᠷ ᠰᠠᠭᠤᠷᠢ ᠪᠣᠯᠭᠠᠭᠰᠠᠨ ᠡᠯ᠎ᠡ ᠲᠥᠷᠥᠯ ᠤᠨ ᠨᠡᠭᠦᠷᠡᠰᠦᠲᠥ᠋ᠷᠥᠭᠴᠢ ᠥᠬᠡᠶ ᠠᠬᠤᠶ ᠲᠠᠯᠠᠪᠠᠶ ᠶᠢᠨ ᠰᠢᠰᠲ᠋ᠧᠮ ᠤᠨ ᠰᠢᠢᠤᠡᠪᠤᠷᠢᠯᠡᠬᠦ ᠲᠥᠰᠦᠯ᠂ ᠬᠡᠷᠡᠯ ᠴᠡᠨᠡᠭ ᠤᠨ ᠴᠠᠬᠢᠯᠭᠠᠨ ᠥᠷᠲᠡᠭᠡᠨ ᠤ ᠢᠨᠵᠧᠨᠧᠷᠢᠩ ᠤᠨ ᠶᠡᠷᠦᠩᠬᠡᠶ ᠳᠠᠭᠠᠭᠠᠴᠢᠯᠠᠯᠲᠠ ᠵᠢᠴᠢ ᠣᠶᠤᠨᠴᠢ ᠬᠡᠯᠪᠡᠷᠢ ᠶᠢᠨ ᠴᠠᠬᠢᠯᠭᠠᠨ ᠥᠷᠲᠡᠭᠡᠨ ᠤ ᠪᠥᠬᠦ ᠠᠮᠢ ᠨᠠᠰᠤᠨ ᠤ ᠦᠶᠡᠯᠡᠯ ᠤᠨ ᠬᠠᠮᠢᠶᠠᠷᠤᠯᠲᠠ ᠵᠡᠷᠭᠡ ᠰᠢᠰᠲ᠋ᠧᠮ ᠤᠨ ᠰᠢᠢᠤᠡᠪᠤᠷᠢᠯᠡᠬᠦ ᠲᠥᠰᠦᠯ ᠢ ᠬᠠᠩᠭᠠᠵᠤ᠂ ᠤᠯᠤᠰ ᠤᠨ ᠳᠣᠲᠣᠭᠠᠳᠤ ᠶᠢᠨ ︽ᠴᠠᠬᠢᠮ ᠢᠯᠲᠠᠰᠤ ᠠᠴᠠ ᠪᠦᠬᠦᠯᠢ ᠮᠠᠰᠢᠨ ᠬᠥᠷᠬᠦ ᠪᠠ ᠰᠢᠰᠲ᠋ᠧᠮ ᠤᠨ ᠰᠢᠢᠤᠡᠪᠤᠷᠢᠯᠡᠬᠦ ᠲᠥᠰᠦᠯ︾᠎ ᠤᠨ ᠪᠥᠬᠦ ᠠᠵᠤ ᠤᠶᠢᠯᠡᠰ ᠤᠨ ᠬᠡᠯᠬᠢᠶᠡᠨ ᠤ ᠪᠡᠶ᠎ᠡ ᠪᠠᠨ ᠳᠠᠭᠠᠭᠠᠵᠤ ᠡᠵᠡᠮᠳᠡᠵᠦ ᠪᠣᠯᠬᠤ ᠰᠢᠨ᠎ᠡ ᠡᠨᠧᠷᠭᠢ ᠶᠢᠨ ᠰᠤᠷᠪᠤᠯᠵᠢ ᠶᠢᠨ ᠴᠠᠬᠢᠯᠭᠠᠨ ᠭᠠᠷᠭᠠᠯᠲᠠ ᠶᠢᠨ ᠬᠦᠴᠦᠳᠡᠯ ᠥᠭᠡᠷᠡᠴᠢᠯᠡᠬᠦ ᠲᠣᠨᠣᠭᠯᠠᠯ ᠵᠢᠴᠢ ᠰᠢᠰᠲ᠋ᠧᠮ ᠤᠨ ᠰᠢᠢᠤᠡᠪᠤᠷᠢᠯᠡᠬᠦ ᠲᠥᠰᠦᠯ ᠤᠨ ᠠᠵᠤ ᠠᠬᠤᠶᠢᠯᠠᠯ ᠪᠣᠯᠤᠨ᠎ᠠ᠃      ᠵᠦᠩ ᠴᠧ ᠱᠢ ᠳ᠋ᠠᠢ ᠶᠢᠨ ᠴᠠᠬᠢᠯᠭᠠᠨ ᠨᠢ ︽ᠨᠢᠭᠡᠳᠦᠯᠲᠡᠶ ᠲᠥᠯᠥᠪᠵᠢᠭᠦᠯᠵᠦ᠂ ᠠᠯᠬᠤᠮ ᠬᠤᠪᠢᠶᠠᠨ ᠬᠡᠷᠡᠭᠵᠢᠭᠦᠯᠬᠦ︾ ᠵᠠᠷᠴᠢᠮ ᠢᠶᠠᠷ ᠦᠬᠠᠶ ᠶᠢᠨ ᠬᠤᠪᠢᠶᠠᠷᠢ ᠺᠣᠮᠫᠠᠨᠢ ᠶᠢᠨ ᠲᠥᠷᠥᠯ ᠵᠤᠶᠢᠯ ᠤᠨ ᠪᠥᠲᠥᠭᠡᠨ ᠪᠠᠶᠢᠭᠤᠯᠤᠯᠲᠠ ᠶᠢ ᠥᠷᠨᠢᠭᠦᠯᠵᠦ᠂ ᠲᠥᠷᠥᠯ ᠵᠤᠶᠢᠯ ᠳᠤ ︽ᠥᠩᠭᠡ ᠦᠵᠡᠮᠵᠢ ᠶᠢᠨ ᠤᠰᠤᠲᠥ᠋ᠷᠥᠭᠴᠢ ᠶᠢ ᠬᠠᠳᠠᠭᠠᠯᠠᠬᠤ︾ ᠰᠢᠷᠢᠰ ᠤᠶᠢᠯᠡᠤᠡᠭᠦᠨ ᠪᠠᠭᠲᠠᠨ᠎ᠠ᠂ ᠪᠣᠳᠠᠲᠠᠶ ᠪᠠᠷ ᠬᠡᠯᠡᠪᠡᠯ᠄ ᠬᠡᠷᠡᠯ ᠴᠡᠨᠡᠭ ᠤᠨ ᠰᠥᠷᠬᠦ ᠬᠤᠪᠢᠷᠠᠭᠠᠭᠤᠷ᠂ ᠰᠠᠯᠬᠢᠨ ᠬᠦᠴᠦᠨ ᠤ ᠴᠠᠬᠢᠯᠭᠠᠨ ᠤ ᠭᠦᠶᠦᠳᠡᠯ ᠥᠭᠡᠷᠡᠴᠢᠯᠡᠭᠴᠢ᠂ ᠡᠨᠧᠷᠭᠢ ᠬᠠᠳᠠᠭᠠᠯᠠᠬᠤ ᠰᠢᠰᠲ᠋ᠧᠮ᠂ ᠤᠰᠤᠲᠥ᠋ᠷᠥᠭᠴᠢ ᠤᠶᠢᠯᠡᠤᠡᠬᠦ ᠴᠠᠬᠢᠯᠭᠠᠨ ᠡᠭᠦᠰᠭᠡᠭᠴᠢ ᠵᠡᠷᠭᠡ ᠪᠣᠯᠤᠨ᠎ᠠ᠃ ᠲᠦᠷᠦᠯ ᠵᠦᠢᠯ ᠤᠨ ᠶᠡᠷᠦᠩᠬᠡᠢ ᠪᠡᠯᠡ ᠣᠷᠣᠭᠤᠯᠤᠯᠲᠠ ᠶᠢ ᠪᠠᠷᠤᠭᠴᠠᠭᠠᠯᠠᠪᠠᠯ 5 ᠳ᠋ᠦᠩᠰᠢᠭᠤᠷ ᠣᠷᠴᠢᠮ᠂ ᠶᠡᠷᠦᠩᠬᠡᠢ ᠦᠢᠯᠡᠳᠪᠦᠷᠢᠯᠡᠯ ᠤᠨ ᠴᠢᠳᠠᠪᠤᠷᠢ 5GW᠂ ᠵᠢᠱᠢᠯᠲᠡ ᠪᠠᠷ ᠲᠦᠷᠦᠯ ᠵᠦᠢᠯ ᠨᠢ ᠦᠢᠯᠡᠳᠪᠦᠷᠢᠯᠡᠯ ᠤᠨ ᠳᠠᠷᠠᠭᠠᠬᠢ ᠵᠢᠯ ᠤᠨ ᠦᠢᠯᠡᠳᠬᠦᠨ ᠤ ᠦᠷᠳᠡᠭ 10 ᠳ᠋ᠦᠩᠰᠢᠭᠤᠷ ᠲᠥᠭᠦᠷᠢᠭ᠂ ᠭᠠᠶᠢᠯᠢ ᠶᠢᠨ ᠣᠷᠣᠯᠭ᠎ᠠ 3000 ᠲᠦᠮᠡᠨ ᠲᠥᠭᠦᠷᠢᠭ ᠲᠤ ᠬᠦᠷᠴᠦ᠂ ᠪᠠᠷᠤᠭ 100 ᠬᠥᠮᠦᠨ ᠳᠤ ᠠᠵᠢᠯ ᠣᠯᠭᠤᠵᠤ᠂ ᠭᠤᠷᠪᠠᠨ ᠬᠤᠭᠤᠴᠠᠭ᠎ᠠ ᠬᠤᠪᠢᠶᠠᠨ ᠪᠦᠳᠦᠭᠡᠨ ᠪᠠᠶᠢᠭᠤᠯᠬᠤ ᠪᠠᠷ ᠲᠥᠯᠥᠪᠯᠡᠵᠦ᠂ 2022 ᠣᠨ ᠤ 11 ᠰᠠᠷ᠎ᠠ ᠳᠤ ᠨᠢᠭᠡᠳᠦᠭᠡᠷ ᠬᠤᠭᠤᠴᠠᠭᠠᠨ ᠤ ᠠᠰᠢᠭᠯᠠᠯᠲᠠ ᠳᠤ ᠣᠷᠣᠭᠤᠯᠬᠤ ᠪᠠᠷ ᠲᠥᠯᠥᠪᠯᠡᠵᠦ ᠪᠤᠢ᠃
 
ᠢᠷᠡᠯᠲᠡ᠄ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号