ᠬᠠᠶᠢᠷᠤᠪ ᠤᠨ ᠲᠤᠬᠤᠢ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ︽ᠬᠠᠶᠢᠷᠤᠪ ᠤᠨ ᠲᠤᠬᠤᠢ ᠲᠣᠭᠤᠷᠢᠭ ᠤᠨ 2024 ᠣᠨ ᠤ ᠵᠠᠰᠠᠭ ᠤᠨ ᠣᠷᠳᠣᠨ ᠤ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠤᠨ ᠲᠦᠷᠦᠯ ᠵᠦᠢᠯ ᠤᠨ ᠬᠡᠷᠡᠭᠵᠢᠭᠦᠯᠬᠦ ᠲᠥᠰᠦᠯ︾᠎ ᠢ ᠳᠠᠷᠤᠮᠠᠯᠯᠠᠨ ᠶᠠᠪᠤᠭᠤᠯᠬᠤ ᠲᠤᠬᠠᠢ ᠮᠡᠳᠡᠭᠳᠡᠯ
ᠨᠡᠶᠢᠲᠡᠯᠡᠭᠰᠡᠨ ᠴᠠᠭ᠄
2024/4/24
ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ ᠨᠢᠭᠡᠴᠡ᠄    ︽ᠬᠠᠶᠢᠷᠤᠪ ᠤᠨ ᠲᠤᠬᠤᠢ ᠲᠣᠭᠤᠷᠢᠭ ᠤᠨ 2024 ᠣᠨ ᠤ ᠵᠠᠰᠠᠭ ᠤᠨ ᠣᠷᠳᠣᠨ ᠤ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠤᠨ ᠲᠦᠷᠦᠯ ᠵᠦᠢᠯ ᠤᠨ ᠬᠡᠷᠡᠭᠵᠢᠭᠦᠯᠬᠦ ᠲᠥᠰᠦᠯ︾᠎ ᠢ ᠡᠳᠦᠭᠡ ᠲᠠᠨᠠᠷ ᠲᠤ ᠳᠠᠷᠤᠮᠠᠯᠯᠠᠨ ᠶᠠᠪᠤᠭᠤᠯᠤᠯ᠎ᠠ᠂ ᠪᠣᠳᠠᠲᠠᠢ ᠲᠠᠢ ᠪᠠᠨ ᠤᠶᠠᠯᠳᠤᠭᠤᠯᠵᠤ᠂ ᠨᠠᠷᠢᠨ ᠬᠢᠨᠠᠮᠠᠭᠠᠢ ᠵᠣᠬᠢᠶᠠᠨ ᠪᠠᠶᠢᠭᠤᠯᠤᠨ ᠬᠡᠷᠡᠭᠵᠢᠭᠦᠯᠲᠦᠭᠡᠶ᠃                    2024 ᠣᠨ ᠤ 3 ᠰᠠᠷ᠎ᠠ ᠶᠢᠨ 14᠎ ᠤ ᠡᠳᠦᠷ    ᠬᠠᠶᠢᠷᠤᠪ ᠤᠨ ᠲᠤᠬᠤᠢ ᠲᠣᠭᠤᠷᠢᠭ ᠤᠨ 2024 ᠣᠨ ᠤ ᠵᠠᠰᠠᠭ ᠤᠨ ᠣᠷᠳᠣᠨ ᠤ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠤᠨ ᠲᠦᠷᠦᠯ ᠵᠦᠢᠯ ᠤᠨ ᠬᠡᠷᠡᠭᠵᠢᠭᠦᠯᠬᠦ ᠲᠥᠰᠦᠯ    ᠠᠷᠠᠳ ᠲᠦᠮᠡᠨ ᠢᠶᠠᠷ ᠭᠤᠣᠯ ᠪᠣᠯᠭᠠᠬᠤ ᠬᠥᠭᠵᠢᠯᠲᠡ ᠶᠢᠨ ᠦᠵᠡᠯ ᠰᠠᠨᠠᠭ᠎ᠠ ᠶᠢ ᠭᠦᠨᠵᠡᠭᠡᠢ ᠦᠢᠯᠡᠳᠦᠯᠭᠡᠵᠢᠭᠦᠯᠵᠦ᠂ ᠬᠠᠶᠢᠷᠤᠪ ᠤᠨ ᠲᠤᠬᠤᠢ ᠲᠣᠭᠤᠷᠢᠭ ᠤᠨ ᠠᠷᠪᠠᠨ ᠨᠢᠭᠡᠳᠦᠭᠡᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠭᠤᠷᠪᠠᠳᠤᠭᠠᠷ ᠬᠤᠷᠠᠯ ᠳᠡᠭᠡᠷᠡᠬᠢ ᠲᠥᠯᠥᠭᠡᠯᠡᠭᠴᠢᠳ ᠤᠨ ᠪᠢᠯᠧᠲ ᠥᠭᠴᠦ ᠲᠣᠭᠲᠠᠭᠠᠭᠰᠠᠨ 5 ᠵᠦᠢᠯ ᠢ ᠯᠠᠪᠳᠠᠭᠤᠨ ᠪᠠᠲᠤᠲᠠᠢ ᠪᠦᠲᠦᠮᠵᠢᠲᠡᠢ ᠠᠬᠢᠭᠤᠯᠬᠤ ᠶᠢ ᠪᠠᠲᠤᠯᠠᠬᠤ ᠶᠢᠨ ᠲᠥᠯᠥᠭᠡ᠂ ︽︿ᠦᠬᠠᠢ ᠬᠤᠳᠠ ᠶᠢᠨ ᠬᠠᠶᠢᠷᠤᠪ ᠤᠨ ᠲᠤᠬᠤᠢ ᠲᠣᠭᠤᠷᠢᠭ ᠤᠨ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠤᠨ ᠲᠦᠷᠦᠯ ᠵᠦᠢᠯ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠶᠢᠨ ᠪᠢᠯᠧᠲ ᠥᠭᠬᠦ ᠲᠦᠷᠢᠮ ᠤᠨ ᠠᠵᠢᠯ ᠤᠨ ᠬᠡᠷᠡᠭᠵᠢᠭᠦᠯᠬᠦ ᠲᠥᠰᠦᠯ﹀᠎ ᠢ ᠳᠠᠷᠤᠮᠠᠯᠯᠠᠨ ᠲᠠᠷᠬᠠᠭᠠᠬᠤ ᠲᠤᠬᠠᠢ ᠬᠠᠶᠢᠷᠤᠪ ᠤᠨ ᠲᠤᠬᠤᠢ ᠲᠣᠭᠤᠷᠢᠭ ᠤᠨ ᠨᠠᠮ ᠤᠨ ᠬᠤᠷᠢᠶᠠᠨ ᠤ ᠠᠯᠪᠠᠨ ᠭᠡᠷ ᠤᠨ ᠮᠡᠳᠡᠭᠳᠡᠯ︾᠎ ᠤᠨ ᠵᠣᠷᠢᠭ ᠰᠠᠨᠠᠭ᠎ᠠ ᠶᠢ ᠦᠨᠳᠦᠰᠦᠯᠡᠨ᠂ ᠪᠣᠳᠠᠲᠠᠢ ᠲᠠᠢ ᠪᠠᠨ ᠤᠶᠠᠯᠳᠤᠭᠤᠯᠵᠤ᠂ ᠡᠳᠦᠭᠡ ᠳᠣᠣᠷᠠᠬᠢ ᠮᠡᠲᠦ ᠬᠡᠷᠡᠭᠵᠢᠭᠦᠯᠬᠦ ᠲᠥᠰᠦᠯ ᠢ ᠲᠣᠭᠲᠠᠭᠠᠪᠠ᠃    ᠨᠢᠭᠡ᠂ ᠵᠢᠯᠣᠭᠤᠳᠬᠤ ᠦᠵᠡᠯ ᠰᠠᠨᠠᠭ᠎ᠠ    ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠣᠯᠭᠠᠬᠤ ᠶᠢ ᠪᠠᠷᠢᠮᠲᠠᠯᠠᠵᠤ᠂ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠠᠷᠠᠳ ᠤᠨ ᠠᠮᠢᠳᠤᠷᠠᠯ ᠢ ᠢᠮᠠᠭᠲᠠ ᠠᠩᠬᠠᠷᠴᠤ᠂ ᠠᠷᠠᠳ ᠤᠨ ᠲᠥᠯᠥᠭᠡ ᠵᠣᠪᠠᠨᠢᠯ ᠢ ᠰᠢᠢᠳᠪᠦᠷᠢᠯᠡᠵᠦ᠂ ᠪᠣᠳᠠᠲᠠᠢ ᠶᠠᠪᠤᠳᠠᠯ ᠢ ᠦᠨᠡᠨᠬᠦ ᠪᠣᠳᠠᠲᠠᠢ ᠰᠠᠶᠢᠲᠤᠷ ᠬᠢᠵᠦ᠂ ᠠᠷᠠᠳ ᠤᠯᠠᠨ ᠤ ᠬᠠᠮᠤᠭ ᠠᠴᠠ ᠠᠩᠬᠠᠷᠴᠤ ᠪᠠᠶᠢᠭ᠎ᠠ᠂ ᠬᠠᠮᠤᠭ ᠤᠨ ᠰᠢᠭᠤᠳ᠂ ᠬᠠᠮᠤᠭ ᠤᠨ ᠪᠣᠳᠠᠲᠠᠢ ᠠᠰᠢᠭ ᠲᠤᠰᠠ ᠶᠢᠨ ᠠᠰᠠᠭᠤᠳᠠᠯ ᠢ ᠦᠨᠡᠨᠬᠦ ᠰᠢᠢᠳᠪᠦᠷᠢᠯᠡᠵᠦ᠂ ᠤᠯᠠᠨ ᠲᠦᠮᠡᠨ ᠤ ᠬᠦᠷᠲᠡᠮᠵᠢ ᠶᠢᠨ ᠲᠦᠷᠦᠭᠳᠡᠯ᠂ ᠵᠢᠷᠭᠠᠯᠲᠤ ᠲᠦᠷᠦᠭᠳᠡᠯ᠂ ᠠᠮᠤᠷ ᠲᠦᠪᠰᠢᠨ ᠤ ᠲᠦᠷᠦᠭᠳᠡᠯ ᠢ ᠲᠠᠰᠤᠷᠠᠯᠲᠠ ᠦᠭᠡᠢ ᠳᠡᠭᠡᠭᠰᠢᠯᠡᠭᠦᠯᠬᠦ ᠬᠡᠷᠡᠭᠲᠡᠢ᠃    ᠬᠤᠶᠠᠷ᠂ ᠲᠥᠷᠥᠯ ᠵᠦᠢᠯ ᠤᠨ ᠡᠭᠦᠷᠭᠡ ᠵᠢᠴᠢ ᠠᠬᠢᠴᠠ ᠶᠢᠨ ᠲᠣᠬᠢᠷᠠᠭᠤᠯᠤᠯᠲᠠ    ︵ᠨᠢᠭᠡ︶ ᠦᠬᠠᠶ ᠬᠤᠲᠠ ᠶᠢᠨ ᠬᠠᠶᠢᠷᠤᠪ ᠤᠨ ᠲᠣᠬᠤᠢ ᠲᠣᠭᠤᠷᠢᠭ ᠤᠨ ᠬᠤᠲᠠ ᠶᠢᠨ ᠤᠰᠤᠲᠤᠯ ᠢ ᠵᠠᠰᠠᠬᠤ ᠢᠨᠵᠧᠨᠧᠷᠢᠩ ︵ᠨᠢᠭᠡᠳᠦᠭᠡᠷ ᠬᠤᠭᠤᠴᠠᠭ᠎ᠠ︶    1. ᠬᠠᠷᠠᠯᠲᠠ ᠡᠭᠦᠷᠭᠡ᠃ 9.5 ᠺᠢᠯᠣᠮᠧᠳ᠋ᠷ ᠤᠨ ᠪᠣᠷᠣᠭᠠᠨ ᠤ ᠤᠰᠤᠨ ᠤ ᠬᠤᠭᠤᠯᠠᠶ ᠶᠢᠨ ᠲᠣᠤᠷ ᠢ ᠥᠭᠡᠷᠡᠴᠢᠯᠡᠨ ᠵᠠᠰᠠᠵᠤ᠂ ᠪᠣᠷᠣᠭᠠᠨ ᠤ ᠤᠰᠤᠨ ᠤ ᠬᠥᠭᠡᠷᠭᠡ ᠶᠢᠨ ᠥᠷᠲᠡᠭᠡ ᠶᠢ ᠰᠡᠯᠪᠢᠨ ᠵᠠᠰᠠᠬᠤ ᠵᠢᠴᠢ ᠠᠷᠠᠴᠢᠯᠠᠨ ᠬᠠᠮᠠᠭᠠᠯᠠᠬᠤ ᠵᠡᠷᠭᠡ᠃ ᠬᠤᠲᠠ ᠶᠢᠨ ᠲᠣᠭᠤᠷᠢᠭ ᠤᠨ ᠭᠤᠤᠯ ᠪᠣᠯᠬᠤ ᠵᠠᠮ ᠤᠨ ᠤᠰᠤ ᠬᠤᠷᠠᠭᠰᠠᠨ ᠵᠠᠮ ᠤᠨ ᠬᠡᠰᠡᠭ ᠲᠤ ᠪᠣᠷᠣᠭᠠᠨ ᠤ ᠤᠰᠤᠨ ᠤ ᠬᠤᠭᠤᠯᠠᠶ ᠳᠡᠪᠢᠰᠴᠦ᠂ ᠪᠣᠷᠣᠭᠠᠨ ᠤ ᠤᠰᠤᠨ ᠤ ᠬᠤᠭᠤᠯᠠᠶ ᠶᠢᠨ ᠲᠣᠤᠷ ᠤᠨ ᠰᠢᠰᠲ᠋ᠧᠮ ᠢ ᠲᠡᠭᠦᠯᠳᠡᠷᠵᠢᠭᠦᠯᠦᠨ᠂ ᠪᠣᠷᠣᠭᠠᠨ ᠤ ᠤᠰᠤ ᠪᠠ ᠪᠣᠬᠢᠷ ᠤᠰᠤ ᠶᠢ ᠰᠠᠯᠭᠠᠬᠤ ᠠᠷᠭ᠎ᠠ ᠮᠠᠶ᠋ᠢᠭ ᠢ ᠠᠪᠴᠤ᠂ ᠵᠠᠮ ᠤᠨ ᠭᠠᠳᠠᠷᠭᠤ ᠶᠢ ᠣᠲᠣ ᠶᠢᠨ ᠪᠠᠶᠢᠭ᠎ᠠ ᠦᠶᠡᠷ ᠵᠠᠯᠠᠬᠤ ᠰᠤᠪᠠᠭ᠂ ᠤᠰᠤ ᠵᠠᠯᠠᠬᠤ ᠰᠢᠰᠲ᠋ᠧᠮ ᠳᠤ ᠬᠤᠷᠠᠭᠤᠯᠤᠨ ᠣᠷᠣᠭᠤᠯᠤᠨ᠎ᠠ︔ ᠣᠲᠣ ᠶᠢᠨ ᠪᠠᠶᠢᠭ᠎ᠠ ᠠᠷᠠᠳ ᠤᠨ ᠵᠠᠮ ᠤᠨ ᠵᠦᠷᠢᠯᠢᠭ ᠬᠥᠭᠦᠷᠭᠡ ᠶᠢᠨ ᠪᠣᠷᠣᠭᠠᠨ ᠤ ᠤᠰᠤᠨ ᠤ ᠬᠥᠭᠡᠷᠭᠡ ᠶᠢᠨ ᠥᠷᠲᠡᠭᠡ᠂ ᠪᠥᠲᠥᠭᠡᠨ ᠪᠠᠶᠢᠭᠤᠯᠤᠯᠲᠠ ᠶᠢᠨ ᠵᠠᠮ ᠤᠨ ᠵᠦᠷᠢᠯᠢᠭ ᠬᠥᠭᠦᠷᠭᠡ ᠶᠢᠨ ᠪᠣᠷᠣᠭᠠᠨ ᠤ ᠤᠰᠤᠨ ᠤ ᠬᠥᠭᠡᠷᠭᠡ ᠶᠢᠨ ᠥᠷᠲᠡᠭᠡ᠂ ᠤᠮᠠᠷᠠᠲᠤ ᠶᠢᠨ ᠵᠦᠷᠢᠯᠢᠭ ᠬᠥᠭᠦᠷᠭᠡ ᠶᠢᠨ ᠪᠣᠷᠣᠭᠠᠨ ᠤ ᠤᠰᠤᠨ ᠤ ᠬᠥᠭᠡᠷᠭᠡ ᠶᠢᠨ ᠥᠷᠲᠡᠭᠡ᠂ ᠤᠮᠠᠷᠠᠲᠤ ᠶᠢᠨ ᠵᠥᠷᠢᠯᠢᠭ ᠤᠨ ᠪᠣᠷᠣᠭᠠᠨ ᠤ ᠤᠰᠤᠨ ᠤ ᠬᠥᠭᠡᠷᠭᠡ ᠶᠢᠨ ᠥᠷᠲᠡᠭᠡ ᠶᠢ ᠬᠠᠮᠠᠭᠠᠯᠠᠨ ᠥᠭᠡᠷᠡᠴᠢᠯᠡᠵᠦ᠂ ᠰᠢᠯᠵᠢᠮᠡᠯ ᠮᠠᠶ᠋ᠢᠭ ᠤᠨ ᠤᠰᠤ ᠲᠠᠲᠠᠬᠤ ᠲᠥᠬᠦᠭᠡᠷᠦᠮᠵᠢ ᠶᠢ ᠨᠡᠮᠡᠭᠳᠡᠭᠦᠯᠦᠨ᠂ ᠴᠠᠭ ᠠᠭᠤᠷ ᠤᠨ ᠪᠠᠴᠢᠮ ᠪᠠᠶᠢᠳᠠᠯ ᠢ ᠠᠷᠭᠠᠴᠠᠬᠤ ᠲᠥᠬᠦᠭᠡᠷᠦᠮᠵᠢ ᠶᠢ ᠴᠢᠩᠭ᠎ᠠ ᠪᠠᠭᠤᠷᠠᠭᠤᠯᠬᠤ ᠳᠤ ᠬᠡᠷᠡᠭᠯᠡᠨ᠎ᠡ᠃    2.ᠠᠬᠢᠴᠠ ᠶᠢᠨ ᠲᠣᠬᠢᠷᠠᠭᠤᠯᠤᠯᠲᠠ ᠪᠡᠯᠡᠳᠬᠡᠯ ᠱᠠᠲᠤ ᠦᠶ᠎ᠡ ︵2024 ᠣᠨ ᠤ 3 ᠳ᠋ᠤᠭᠠᠷ ᠰᠠᠷ᠎ᠠ︶ ᠰᠤᠳᠤᠯᠵᠤ ᠪᠣᠯᠬᠤ ᠨᠠᠶᠢᠷᠠᠭᠤᠯᠤᠨ ᠵᠣᠬᠢᠶᠠᠬᠤ᠂ ᠲᠥᠷᠥᠯ ᠵᠦᠢᠯ ᠤᠨ ᠰᠠᠨᠠᠭᠤᠯᠭ᠎ᠠ ᠶᠢᠨ ᠪᠢᠴᠢᠭ᠂ ᠰᠤᠳᠤᠯᠵᠤ ᠪᠣᠯᠬᠤ ᠴᠣᠬᠤᠯᠠᠪᠤᠷᠢ ᠵᠢᠴᠢ ᠵᠢᠷᠤᠵᠤ ᠲᠥᠯᠥᠪᠯᠡᠨ ᠳᠠᠭᠠᠭᠠᠴᠢᠯᠠᠯᠲᠠ ᠵᠠᠷᠯᠠᠬᠤ ᠶᠢ ᠪᠡᠶᠡᠯᠡᠭᠦᠯᠵᠦ᠂ ᠵᠢᠷᠤᠭ ᠲᠥᠯᠥᠪᠯᠡᠭᠡ ᠶᠢᠨ ᠲᠥᠰᠦᠯ ᠢ ᠲᠣᠭᠲᠠᠭᠠᠨ᠎ᠠ᠃ ᠵᠢᠷᠤᠭ ᠬᠢᠨᠠᠬᠤ᠂ ᠲᠥᠰᠦᠪ ᠨᠠᠶᠢᠷᠠᠭᠤᠯᠤᠨ ᠵᠣᠬᠢᠶᠠᠬᠤ ᠵᠢᠴᠢ ᠡᠳ᠋ ᠤᠨ ᠵᠠᠰᠠᠭ ᠤᠨ ᠦᠨᠡᠯᠡᠯᠲᠡ ᠬᠢᠨ᠎ᠡ᠃ ᠪᠦᠲᠦᠭᠡᠨ ᠪᠠᠶᠢᠭᠤᠯᠬᠤ ᠱᠠᠲᠤ ᠦ‍‌ᠡᠶ᠎ᠡ ︵2024 ᠣᠨ ᠤ 4 ᠳ᠋ᠦᠭᠡᠷ ᠰᠠᠷ᠎ᠠ ᠠᠴᠠ 12 ᠳ᠋ᠤᠭᠠᠷ ᠰᠠᠷ᠎ᠠ ᠪᠣᠯᠲᠠᠯ᠎ᠠ︶᠂ ᠬᠢᠨᠠᠨ ᠪᠣᠳᠣᠬᠤ᠂ ᠬᠢᠨᠠᠨ ᠬᠠᠮᠢᠶᠠᠷᠬᠤ ᠪᠠ ᠪᠠᠷᠢᠯᠭ᠎ᠠ ᠪᠠᠷᠢᠬᠤ ᠡᠳ᠋ ᠤᠨ ᠵᠠᠰᠠᠭ ᠤᠨ ᠦᠨᠡᠯᠡᠯᠲᠡ ᠬᠢᠵᠦ᠂ ᠳᠠᠭᠠᠭᠠᠴᠢᠯᠠᠯᠲᠠ ᠵᠠᠷᠯᠠᠨ ᠳᠠᠭᠠᠭᠠᠴᠢᠯᠠᠯᠲᠠ ᠵᠠᠷᠯᠠᠵᠤ᠂ ᠪᠠᠷᠢᠯᠭ᠎ᠠ ᠪᠠᠷᠢᠬᠤ ᠵᠥᠪᠰᠢᠶᠡᠷᠡᠯ ᠤᠨ ᠦᠨᠡᠮᠯᠡᠯ ᠢ ᠭᠦᠢᠴᠡᠳᠬᠡᠵᠦ᠂ ᠲᠠᠯᠠᠪᠠᠶ ᠳᠤ ᠣᠷᠣᠵᠤ ᠪᠠᠷᠢᠯᠭ᠎ᠠ ᠪᠠᠷᠢᠬᠤ ᠬᠡᠷᠡᠭᠲᠡᠶ᠃ ᠰᠢᠯᠭᠠᠨ ᠠᠪᠴᠤ ᠳ᠋ᠦᠩᠨᠡᠬᠦ ᠱᠠᠲᠤ ᠦᠶ᠎ᠡ ︵2024 ᠣᠨ ᠤ 12 ᠰᠠᠷ᠎ᠠ︶ ᠪᠠᠷᠢᠯᠭ᠎ᠠ ᠳᠠᠭᠤᠰᠴᠤ ᠰᠢᠯᠭᠠᠨ ᠠᠪᠬᠤ᠂ ᠬᠢᠨᠠᠨ ᠪᠤᠳᠤᠬᠤ ᠠᠵᠢᠯ ᠢ ᠬᠢᠬᠦ ᠬᠡᠷᠡᠭᠲᠡᠶ᠃ ︵ᠲᠦᠷᠦᠭᠦᠯᠡᠬᠦ ᠨᠢᠭᠡᠴᠡ᠄ ᠬᠠᠶᠢᠷᠤᠪ ᠤᠨ ᠲᠣᠬᠤᠢ ᠲᠣᠭᠤᠷᠢᠭ ᠤᠨ ᠨᠡᠶᠢᠲᠡ ᠶᠢᠨ ᠬᠡᠷᠡᠭᠯᠡᠭᠡᠨ ᠤ ᠦᠢᠯᠡᠰ ᠤᠨ ᠬᠥᠭᠵᠢᠯᠲᠡ ᠶᠢᠨ ᠲᠥᠪ︶  ︵ᠬᠤᠶᠠᠷ︶ 2024 ᠣᠨ ᠳᠤ ᠦᠬᠠᠢ ᠬᠤᠳᠠ ᠶᠢᠨ ᠬᠠᠶᠢᠷᠤᠪ ᠤᠨ ᠲᠤᠬᠤᠢ ᠲᠣᠭᠤᠷᠢᠭ ᠤᠨ ᠬᠤᠳᠠ ᠪᠠᠯᠭᠠᠰᠤᠨ ᠤ ᠬᠠᠭᠤᠴᠢᠨ ᠵᠢᠵᠢᠭ ᠲᠣᠭᠤᠷᠢᠭ ᠤᠨ ᠥᠭᠡᠷᠡᠴᠢᠯᠡᠯᠲᠡ ᠶᠢᠨ ᠢᠵᠢ ᠪᠦᠷᠢᠳᠦᠭᠰᠡᠨ ᠰᠠᠭᠤᠷᠢ ᠲᠥᠬᠦᠭᠡᠷᠦᠮᠵᠢ ᠶᠢᠨ ᠪᠦᠳᠦᠭᠡᠨ ᠪᠠᠶᠢᠭᠤᠯᠤᠯᠲᠠ ᠶᠢᠨ ᠢᠨᠵᠧᠨᠧᠷᠢᠩ   1. ᠬᠠᠷᠠᠯᠲᠠ ᠡᠭᠦᠷᠭᠡ᠃ 51 ᠬᠠᠭᠤᠴᠢᠨ ᠰᠠᠭᠤᠭᠠᠯᠢ ᠠᠷᠠᠳ ᠤᠨ ᠲᠣᠭᠤᠷᠢᠭ ᠢ ᠥᠭᠡᠷᠡᠴᠢᠯᠡᠨ ᠪᠠᠶᠢᠭᠤᠯᠬᠤ ᠪᠠᠷ ᠲᠥᠯᠥᠪᠯᠡᠵᠦ᠂ ᠬᠤᠯᠪᠣᠭᠳᠠᠭᠰᠠᠨ ᠡᠷᠦᠬᠡ ᠶᠢᠨ ᠲᠤᠭ᠎ᠠ 7883 ᠪᠠᠶᠢᠵᠤ᠂ ᠥᠭᠡᠷᠡᠴᠢᠯᠡᠨ ᠰᠠᠶᠢᠵᠢᠷᠠᠭᠤᠯᠤᠭᠰᠠᠨ ᠲᠠᠯᠠᠪᠠᠶ 93.6 ᠲᠦᠮᠡᠨ ᠲᠡᠭᠰᠢ ᠳᠥᠷᠪᠡᠯᠵᠢᠨ ᠮᠧᠲᠷ ᠲᠤ ᠬᠦᠷᠴᠡᠶ᠃     2. ᠠᠬᠢᠴᠠ ᠶᠢᠨ ᠲᠣᠬᠢᠷᠠᠭᠤᠯᠤᠯᠲᠠ ᠪᠡᠯᠡᠳᠬᠡᠯ ᠱᠠᠲᠤ ᠦᠶ᠎ᠡ ︵2024 ᠣᠨ ᠤ 1 ᠰᠠᠷ᠎ᠠ ᠠᠴᠠ 4 ᠰᠠᠷ᠎ᠠ ᠬᠦᠷᠲᠡᠯ᠎ᠡ︶᠎ ᠶᠢ ᠰᠤᠳᠤᠯᠵᠤ ᠪᠣᠯᠬᠤ ᠴᠣᠬᠤᠯᠠᠪᠤᠷᠢᠯᠠᠬᠤ᠂ ᠠᠩᠬ᠎ᠠ ᠪᠠᠶᠢᠭᠤᠯᠬᠤ ᠴᠣᠬᠤᠯᠠᠪᠤᠷᠢ ᠶᠢ ᠪᠡᠶᠡᠯᠡᠭᠦᠯᠵᠦ᠂ ᠪᠠᠯᠠ ᠮᠥᠩᠭᠦ ᠶᠢᠨ ᠮᠡᠳᠡᠭᠦᠯᠬᠦ ᠮᠠᠲ᠋ᠧᠷᠢᠶᠠᠯ ᠢ ᠲᠤᠰᠢᠶᠠᠵᠤ᠂ ᠡᠯ᠎ᠡ ᠵᠡᠭᠡᠯᠢ ᠭᠤᠳᠤᠮᠵᠢ ᠳᠤ ᠪᠠᠷᠢᠯᠭ᠎ᠠ ᠶᠢᠨ ᠵᠢᠷᠤᠭ ᠲᠥᠯᠥᠪᠯᠡᠭᠡ ᠬᠢᠵᠦ᠂ ᠪᠠᠷᠢᠯᠭ᠎ᠠ ᠶᠢᠨ ᠵᠢᠷᠤᠭ ᠤᠨ ᠲᠥᠰᠦᠪ ᠢ ᠨᠠᠶᠢᠷᠠᠭᠤᠯᠤᠨ ᠵᠣᠬᠢᠶᠠᠵᠤ᠂ ᠳᠠᠭᠠᠭᠠᠴᠢᠯᠠᠯᠲᠠ ᠵᠠᠷᠯᠠᠬᠤ ᠠᠵᠢᠯ ᠢ ᠪᠡᠶᠡᠯᠡᠭᠦᠯᠪᠡ᠃ ᠵᠣᠬᠢᠶᠠᠨ ᠪᠠᠶᠢᠭᠤᠯᠵᠤ ᠬᠡᠷᠡᠭᠵᠢᠭᠦᠯᠬᠦ ᠱᠠᠲᠤ ᠦᠶ᠎ᠡ ︵2024 ᠣᠨ ᠤ 4 ᠰᠠᠷ᠎ᠠ ᠠᠴᠠ 10 ᠰᠠᠷ᠎ᠠ︶ ᠲᠠᠯᠠᠪᠠᠢ ᠳᠤ ᠣᠷᠣᠵᠤ ᠠᠵᠢᠯ ᠡᠬᠢᠯᠡᠭᠦᠯᠪᠡ᠃ ᠰᠢᠯᠭᠠᠨ ᠠᠪᠴᠤ ᠳ᠋ᠦᠩᠨᠡᠬᠦ ᠱᠠᠲᠤ ᠦᠶ᠎ᠡ ︵2024 ᠣᠨ ᠤ 11 ᠰᠠᠷ᠎ᠠ︶᠎ ᠳᠤ ᠪᠠᠷᠢᠯᠭ᠎ᠠ ᠶᠢ ᠰᠢᠯᠭᠠᠨ ᠠᠪᠬᠤ᠂ ᠬᠢᠨᠠᠨ ᠪᠤᠳᠤᠬᠤ ᠶᠢ ᠬᠡᠷᠡᠭᠵᠢᠭᠦᠯᠦᠨ᠎ᠡ᠃ ︵ᠲᠦᠷᠦᠭᠦᠯᠡᠬᠦ ᠨᠢᠭᠡᠴᠡ᠄ ᠬᠠᠶᠢᠷᠤᠪ ᠤᠨ ᠲᠣᠬᠤᠢ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ︶  ︵ᠭᠤᠷᠪᠠ︶ ᠬᠠᠶᠢᠷᠤᠪ ᠤᠨ ᠲᠣᠬᠤᠢ ᠲᠣᠭᠤᠷᠢᠭ ᠤᠨ ᠬᠤᠲᠠ ᠶᠢᠨ ᠠᠷᠠᠳ ᠤᠨ ᠠᠭᠤᠳᠠᠮ ᠲᠠᠯᠠᠪᠠᠢ ᠶᠢᠨ ᠰᠠᠭᠤᠷᠢ ᠲᠥᠬᠦᠭᠡᠷᠦᠮᠵᠢ ᠶᠢᠨ ᠥᠭᠡᠷᠡᠴᠢᠯᠡᠯᠲᠡ    1. ᠬᠠᠷᠠᠯᠲᠠ ᠡᠭᠦᠷᠭᠡ᠃ ᠲᠥᠷᠥᠯ ᠵᠦᠢᠯ ᠤᠨ ᠶᠡᠷᠦᠩᠬᠡᠶ ᠬᠡᠷᠡᠭᠯᠡᠬᠦ ᠭᠠᠵᠠᠷ ᠤᠨ ᠲᠠᠯᠠᠪᠠᠶ ᠨᠢ 59684 ᠲᠡᠭᠰᠢ ᠳᠥᠷᠪᠡᠯᠵᠢᠨ ᠮᠧᠲᠷ ᠰᠢᠬᠠᠮ ᠪᠠᠶᠢᠵᠤ᠂ ᠣᠳᠣᠬᠢ ᠪᠠᠶᠢᠳᠠᠯ ᠤᠨ ᠣᠷᠣᠨ ᠪᠦᠰᠡ ᠶᠢᠨ ᠵᠦᠶ ᠵᠣᠬᠢᠰᠲᠠᠶ ᠴᠢᠳᠠᠮᠵᠢᠲᠤ ᠣᠷᠣᠨ ᠢ ᠬᠤᠪᠢᠶᠠᠷᠢᠯᠠᠨ ᠲᠣᠭᠲᠠᠭᠠᠵᠤ᠂ ᠳᠡᠪᠢᠰᠴᠦ ᠥᠭᠡᠷᠡᠴᠢᠯᠡᠬᠦ ᠶᠢ ᠬᠡᠷᠡᠭᠵᠢᠭᠦᠯᠦᠨ᠂ ᠰᠠᠭᠤᠷᠢ ᠪᠡᠯᠡᠳᠬᠡᠮᠵᠢ᠂ ᠦᠵᠡᠮᠵᠢ ᠶᠢᠨ ᠵᠢᠵᠢᠭ ᠪᠠᠷᠢᠯᠭ᠎ᠠ ᠵᠡᠷᠭᠡ ᠶᠢ ᠢᠵᠢ ᠪᠥᠷᠢᠳᠦᠭᠦᠯᠵᠦ᠂ ᠴᠢᠳᠠᠮᠵᠢᠲᠦ ᠣᠷᠣᠨ ᠵᠢᠴᠢ ᠠᠵᠢᠯᠯᠠᠭᠠᠨ ᠤ ᠲᠠᠯᠠᠪᠤᠷ ᠭᠠᠵᠠᠷ ᠢ ᠥᠭᠡᠷᠡᠴᠢᠯᠡᠨ ᠳᠡᠭᠡᠭᠰᠢᠯᠡᠭᠦᠯᠵᠦ᠂ ᠲᠠᠯᠠᠪᠠᠶ ᠶᠢᠨ ᠰᠣᠶᠣᠯ ᠤᠨ ᠠᠭᠤᠯᠭ᠎ᠠ ᠶᠢᠨ ᠪᠡᠯᠡᠳᠬᠡᠮᠵᠢ ᠶᠢ ᠨᠡᠮᠡᠭᠳᠡᠭᠦᠯᠦᠨ᠂ ᠣᠳᠣᠬᠢ ᠪᠠᠶᠢᠳᠠᠯ ᠤᠨ ᠤᠷᠭᠤᠮᠠᠯ ᠵᠢᠴᠢ ᠣᠶᠢᠲᠤ ᠭᠠᠵᠠᠷ ᠢ ᠲᠠᠰ ᠳᠡᠪᠰᠢᠭᠦᠯᠬᠦ ᠵᠡᠷᠭᠡ ᠪᠣᠯᠤᠨ᠎ᠠ᠃    ᠠᠬᠢᠴᠠ ᠶᠢᠨ ᠲᠣᠬᠢᠷᠠᠭᠤᠯᠤᠯᠲᠠ ᠪᠡᠯᠡᠳᠬᠡᠯ ᠱᠠᠲᠤ ᠦᠶ᠎ᠡ ︵2024 ᠣᠨ ᠤ 3 ᠳ᠋ᠤᠭᠠᠷ ᠰᠠᠷ᠎ᠠ ᠠᠴᠠ 4 ᠳ᠋ᠦ᠋ᠭᠡᠷ ᠰᠠᠷ᠎ᠠ ᠬᠦᠷᠲᠡᠯ᠎ᠡ︶ ᠵᠢᠷᠤᠭ ᠬᠢᠨᠠᠬᠤ ᠲᠥᠰᠦᠪ ᠬᠢᠵᠦ᠂ ᠡᠳ᠋ ᠤᠨ ᠵᠠᠰᠠᠭ ᠤᠨ ᠬᠢᠨᠠᠨ ᠲᠣᠭᠲᠠᠭᠠᠯᠲᠠ᠂ ᠪᠠᠷᠢᠯᠭ᠎ᠠ ᠶᠢᠨ ᠳᠠᠭᠠᠭᠠᠴᠢᠯᠠᠯᠲᠠ ᠵᠠᠷᠯᠠᠬᠤ᠂ ᠪᠠᠷᠢᠯᠭ᠎ᠠ ᠪᠠᠷᠢᠬᠤ ᠵᠥᠪᠰᠢᠶᠡᠷᠡᠯ ᠤᠨ ᠦᠨᠡᠮᠯᠡᠯ ᠠᠪᠬᠤ ᠵᠡᠷᠭᠡ᠃ ᠵᠣᠬᠢᠶᠠᠨ ᠪᠠᠶᠢᠭᠤᠯᠤᠨ ᠬᠡᠷᠡᠭᠵᠢᠭᠦᠯᠬᠦ ᠱᠠᠲᠤ ᠦᠶ᠎ᠡ ︵2024 ᠣᠨ ᠤ 4 ᠰᠠᠷ᠎ᠠ ᠠᠴᠠ 8 ᠰᠠᠷ᠎ᠠ︶ ᠰᠢᠯᠭᠠᠨ ᠠᠪᠴᠤ ᠳ᠋ᠦᠩᠨᠡᠬᠦ ᠱᠠᠲᠤ ᠦᠶ᠎ᠡ ︵2024 ᠣᠨ ᠤ 9 ᠳ᠋ᠦ᠋ᠭᠡᠷ ᠰᠠᠷ᠎ᠠ︶᠎ ᠳᠤ ᠪᠠᠷᠢᠯᠭ᠎ᠠ ᠶᠢ ᠰᠢᠯᠭᠠᠨ ᠠᠪᠬᠤ᠂ ᠬᠢᠨᠠᠨ ᠪᠤᠳᠤᠬᠤ ᠶᠢ ᠬᠡᠷᠡᠭᠵᠢᠭᠦᠯᠦᠨ᠎ᠡ᠃ ︵ᠲᠦᠷᠦᠭᠦᠯᠡᠬᠦ ᠨᠢᠭᠡᠴᠡ᠄ ᠬᠠᠶᠢᠷᠤᠪ ᠤᠨ ᠲᠣᠬᠤᠢ ᠲᠣᠭᠤᠷᠢᠭ ᠤᠨ ᠴᠡᠴᠡᠷᠯᠢᠭ ᠤᠨ ᠨᠣᠭᠤᠭᠠᠷᠠᠭᠤᠯᠤᠯᠲᠠ ᠶᠢᠨ ᠦᠢᠯᠡᠴᠢᠯᠡᠭᠡᠨ ᠤ ᠲᠥᠪ︶    ︵ᠲᠦᠷᠪᠡ︶ ᠦᠬᠠᠶ ᠬᠤᠲᠠ ᠶᠢᠨ ᠬᠠᠶᠢᠷᠤᠪ ᠤᠨ ᠲᠣᠬᠤᠢ ᠲᠣᠭᠤᠷᠢᠭ ᠤᠨ ᠬᠤᠲᠠ ᠶᠢᠨ ᠤᠰᠤᠲᠤᠯ ᠢ ᠵᠠᠰᠠᠬᠤ ᠢᠨᠵᠧᠨᠧᠷᠢᠩ ︵ᠬᠤᠶᠠᠳᠤᠭᠠᠷ ᠬᠤᠭᠤᠴᠠᠭ᠎ᠠ︶    1. ᠬᠠᠷᠠᠯᠲᠠ ᠡᠭᠦᠷᠭᠡ᠃ ᠬᠠᠶᠢᠷᠤᠪ ᠤᠨ ᠲᠣᠬᠤᠢ ᠲᠣᠭᠤᠷᠢᠭ ᠤᠨ ᠬᠠᠭᠤᠴᠢᠨ ᠬᠤᠲᠠ ᠲᠣᠭᠤᠷᠢᠭ ᠤᠨ ᠪᠣᠷᠣᠭᠠᠨ ᠤ ᠤᠰᠤᠨ ᠤ ᠬᠤᠭᠤᠯᠠᠶ ᠶᠢᠨ ᠲᠣᠤᠷ ᠤᠨ 10.5 ᠺᠢᠯᠤᠮᠧᠲᠷ ᠢ ᠥᠭᠡᠷᠡᠴᠢᠯᠡᠨ ᠵᠠᠰᠠᠵᠤ᠂ ᠪᠣᠷᠣᠭᠠᠨ ᠤ ᠤᠰᠤᠨ ᠤ ᠬᠥᠭᠡᠷᠭᠡ ᠶᠢᠨ ᠥᠷᠲᠡᠭᠡ ᠶᠢ ᠰᠡᠯᠪᠢᠨ ᠵᠠᠰᠠᠬᠤ ᠵᠢᠴᠢ ᠠᠷᠠᠴᠢᠯᠠᠨ ᠬᠠᠮᠠᠭᠠᠯᠠᠬᠤ ᠵᠡᠷᠭᠡ᠃ ᠬᠠᠭᠤᠴᠢᠨ ᠬᠤᠲᠠ ᠲᠣᠭᠤᠷᠢᠭ ᠤᠨ ᠳᠣᠲᠣᠷᠠᠬᠢ ᠬᠠᠶᠢᠯᠠᠷ ᠵᠠᠮ ︵ᠹᠧᠩ ᠬᠤᠸᠠᠩ ᠯᠢᠩ ᠵᠡᠭᠦᠨ ᠵᠡᠭᠡᠯᠢ - ᠬᠠᠲᠤᠨ ᠭᠤᠤᠯ ᠵᠡᠭᠡᠯᠢ︶᠂ ᠬᠠᠢ ᠳ᠋ᠠ ᠵᠡᠭᠡᠯᠢ ︵ᠬᠠᠶᠢᠯᠠᠷ ᠵᠠᠮ - ᠠᠷᠠᠳ ᠤᠨ ᠵᠠᠮ︶᠂ ᠭᠤᠤᠯ ᠵᠠᠮ ᠤᠨ ᠤᠰᠤ ᠬᠤᠷᠠᠭᠰᠠᠨ ᠵᠠᠮ ᠤᠨ ᠬᠡᠰᠡᠭ ᠲᠤ ᠪᠣᠷᠣᠭᠠᠨ ᠤ ᠤᠰᠤᠨ ᠤ ᠬᠤᠭᠤᠯᠠᠶ ᠭᠤᠤᠷᠰᠤ ᠳᠡᠪᠢᠰᠴᠦ᠂ ᠪᠣᠷᠣᠭᠠᠨ ᠤ ᠤᠰᠤᠨ ᠤ ᠬᠤᠭᠤᠯᠠᠶ ᠶᠢᠨ ᠲᠣᠤᠷ ᠤᠨ ᠰᠢᠰᠲ᠋ᠧᠮ ᠢ ᠲᠡᠭᠦᠯᠳᠡᠷᠵᠢᠭᠦᠯᠵᠦ᠂ ᠪᠣᠷᠣᠭᠠᠨ ᠤ ᠤᠰᠤ ᠪᠠ ᠪᠣᠬᠢᠷ ᠤᠰᠤ ᠶᠢ ᠰᠠᠯᠭᠠᠬᠤ ᠠᠷᠭ᠎ᠠ ᠮᠠᠶ᠋ᠢᠭ ᠢ ᠠᠪᠴᠤ᠂ ᠵᠠᠮ ᠤᠨ ᠭᠠᠳᠠᠷᠭᠤ ᠶᠢ ᠣᠳᠣ ᠶᠢᠨ ᠪᠠᠶᠢᠭ᠎ᠠ ᠦᠶᠡᠷ ᠵᠠᠯᠠᠬᠤ ᠰᠤᠪᠠᠭ᠂ ᠤᠰᠤ ᠵᠠᠯᠠᠬᠤ ᠰᠢᠰᠲ᠋ᠧᠮ ᠳᠤ ᠬᠤᠷᠠᠳᠠᠢ︔ ᠣᠳᠣ ᠶᠢᠨ ᠪᠠᠶᠢᠭ᠎ᠠ ᠠᠷᠠᠳ ᠤᠨ ᠴᠡᠴᠡᠷᠯᠢᠭ ᠤᠨ ᠪᠣᠷᠣᠭᠠᠨ ᠤ ᠤᠰᠤᠨ ᠤ ᠬᠥᠭᠡᠷᠭᠡ ᠶᠢᠨ ᠥᠷᠲᠡᠭᠡ᠂ ᠲᠡᠮᠦᠷ ᠵᠠᠮ ᠤᠨ ᠬᠥᠭᠦᠷᠭᠡ ᠶᠢᠨ ᠪᠣᠷᠣᠭᠠᠨ ᠣᠷᠣᠬᠤ ᠤᠰᠤᠨ ᠤ ᠬᠥᠭᠡᠷᠭᠡ ᠶᠢᠨ ᠥᠷᠲᠡᠭᠡ ᠶᠢ ᠬᠠᠮᠠᠭᠠᠯᠠᠨ ᠥᠭᠡᠷᠡᠴᠢᠯᠡᠵᠦ᠂ ᠰᠢᠯᠵᠢᠮᠡᠯ ᠮᠠᠶ᠋ᠢᠭ ᠤᠨ ᠤᠰᠤ ᠲᠠᠲᠠᠬᠤ ᠲᠥᠬᠦᠭᠡᠷᠦᠮᠵᠢ ᠶᠢ ᠨᠡᠮᠡᠭᠳᠡᠭᠦᠯᠵᠦ᠂ ᠴᠠᠭ ᠠᠭᠤᠷ ᠤᠨ ᠪᠠᠴᠢᠮ ᠪᠠᠶᠢᠳᠠᠯ ᠢ ᠠᠷᠭᠠᠴᠠᠬᠤ ᠲᠥᠬᠦᠭᠡᠷᠦᠮᠵᠢ ᠶᠢ ᠴᠢᠩᠭ᠎ᠠ ᠪᠠᠭᠤᠷᠠᠭᠤᠯᠬᠤ ᠳᠤ ᠬᠡᠷᠡᠭᠯᠡᠨ᠎ᠡ᠃    2.ᠠᠬᠢᠴᠠ ᠶᠢᠨ ᠲᠣᠬᠢᠷᠠᠭᠤᠯᠤᠯᠲᠠ ᠪᠡᠯᠡᠳᠬᠡᠯ ᠱᠠᠲᠤ ᠦᠶ᠎ᠡ ︵2024 ᠣᠨ ᠤ 1 ᠰᠠᠷ᠎ᠠ ᠠᠴᠠ 4 ᠰᠠᠷ᠎ᠠ ᠬᠦᠷᠲᠡᠯ᠎ᠡ︶᠎ ᠶᠢ ᠨᠠᠶᠢᠷᠠᠭᠤᠯᠤᠨ ᠵᠣᠬᠢᠶᠠᠬᠤ᠂ ᠲᠥᠷᠥᠯ ᠵᠦᠢᠯ ᠤᠨ ᠰᠠᠨᠠᠭᠤᠯᠭ᠎ᠠ ᠶᠢᠨ ᠪᠢᠴᠢᠭ᠂ ᠰᠤᠳᠤᠯᠵᠤ ᠪᠣᠯᠬᠤ ᠴᠣᠬᠤᠯᠠᠪᠤᠷᠢ ᠵᠢᠴᠢ ᠵᠢᠷᠤᠵᠤ ᠲᠥᠯᠥᠪᠯᠡᠭᠰᠡᠨ ᠡᠳ᠋ ᠤᠨ ᠵᠠᠰᠠᠭ ᠤᠨ ᠬᠢᠨᠠᠨ ᠲᠣᠭᠲᠠᠭᠠᠯᠲᠠ ᠶᠢ ᠪᠡᠶᠡᠯᠡᠭᠦᠯᠵᠦ᠂ ᠵᠢᠷᠤᠭ ᠲᠥᠯᠥᠪᠯᠡᠭᠡ ᠶᠢᠨ ᠳᠠᠭᠠᠭᠠᠴᠢᠯᠠᠯᠲᠠ ᠵᠠᠷᠯᠠᠬᠤ᠂ ᠵᠢᠷᠤᠭ ᠲᠥᠯᠥᠪᠯᠡᠭᠡ ᠶᠢᠨ ᠲᠥᠰᠦᠯ ᠲᠣᠭᠲᠠᠭᠠᠬᠤ᠂ ᠵᠢᠷᠤᠭ ᠲᠥᠯᠥᠪᠯᠡᠭᠡ ᠶᠢᠨ ᠬᠢᠨᠠᠯᠲᠠ᠂ ᠲᠥᠰᠦᠪ ᠨᠠᠶᠢᠷᠠᠭᠤᠯᠤᠨ ᠵᠣᠬᠢᠶᠠᠬᠤ ᠵᠢᠴᠢ ᠡᠳ᠋ ᠤᠨ ᠶᠠᠪᠤᠳᠠᠯ ᠤᠨ ᠦᠨᠡᠯᠡᠯᠲᠡ ᠬᠢᠵᠦ᠂ ᠬᠢᠨᠠᠨ ᠪᠤᠳᠤᠯᠲᠠ᠂ ᠬᠢᠨᠠᠨ ᠬᠠᠮᠢᠶᠠᠷᠤᠯᠲᠠ ᠵᠢᠴᠢ ᠪᠠᠷᠢᠯᠭ᠎ᠠ ᠪᠠᠷᠢᠬᠤ ᠡᠳ᠋ ᠤᠨ ᠶᠠᠪᠤᠳᠠᠯ ᠤᠨ ᠦᠨᠡᠯᠡᠯᠲᠡ ᠪᠠ ᠳᠠᠭᠠᠭᠠᠴᠢᠯᠠᠯᠲᠠ ᠵᠠᠷᠯᠠᠵᠤ ᠳᠠᠭᠠᠭᠠᠴᠢᠯᠠᠯᠲᠠ ᠬᠦᠯᠢᠶᠡᠬᠦ ᠶᠢ ᠭᠦᠢᠴᠡᠳᠬᠡᠵᠦ᠂ ᠪᠠᠷᠢᠯᠭ᠎ᠠ ᠪᠠᠷᠢᠬᠤ ᠵᠥᠪᠰᠢᠶᠡᠷᠡᠯ ᠤᠨ ᠦᠨᠡᠮᠯᠡᠯ ᠢ ᠭᠦᠢᠴᠡᠳᠬᠡᠨ᠎ᠡ᠃ ᠲᠥᠷᠥᠯ ᠵᠦᠢᠯ ᠢ ᠬᠡᠷᠡᠭᠵᠢᠭᠦᠯᠬᠦ ᠱᠠᠲᠤ ᠦᠶ᠎ᠡ ︵2024 ᠣᠨ ᠤ 4 ᠰᠠᠷ᠎ᠠ ᠠᠴᠠ 12 ᠰᠠᠷ᠎ᠠ︶ ᠲᠤᠬᠠᠢ ᠶᠢᠨ ᠲᠠᠯᠠᠪᠤᠷ ᠲᠤ ᠣᠷᠣᠵᠤ ᠪᠠᠷᠢᠯᠭ᠎ᠠ ᠶᠢᠨ ᠠᠵᠢᠯ ᠢ ᠭᠦᠢᠴᠡᠳᠬᠡᠨ᠎ᠡ᠃ ᠲᠥᠷᠥᠯ ᠵᠦᠢᠯ ᠢ ᠰᠢᠯᠭᠠᠨ ᠠᠪᠬᠤ ᠱᠠᠲᠤ ᠦᠶ᠎ᠡ ︵2024 ᠣᠨ ᠤ 12 ᠰᠠᠷ᠎ᠠ︶᠂ ᠲᠥᠷᠥᠯ ᠵᠦᠢᠯ ᠤᠨ ᠪᠠᠷᠢᠯᠭ᠎ᠠ ᠳᠠᠭᠤᠰᠴᠤ ᠰᠢᠯᠭᠠᠨ ᠠᠪᠬᠤ᠂ ᠬᠢᠨᠠᠨ ᠪᠤᠳᠤᠬᠤ᠃ ︵ᠲᠦᠷᠦᠭᠦᠯᠡᠬᠦ ᠨᠢᠭᠡᠴᠡ᠄ ᠬᠠᠶᠢᠷᠤᠪ ᠤᠨ ᠲᠣᠬᠤᠢ ᠲᠣᠭᠤᠷᠢᠭ ᠤᠨ ᠨᠡᠶᠢᠲᠡ ᠶᠢᠨ ᠬᠡᠷᠡᠭᠯᠡᠭᠡᠨ ᠤ ᠦᠢᠯᠡᠰ ᠤᠨ ᠬᠥᠭᠵᠢᠯᠲᠡ ᠶᠢᠨ ᠲᠥᠪ︶    ︵ᠲᠠᠪᠤ︶ ᠬᠠᠶᠢᠷᠤᠪ ᠤᠨ ᠲᠣᠬᠤᠢ ᠲᠣᠭᠤᠷᠢᠭ ᠤᠨ ᠵᠢᠷᠭᠤᠳᠤᠭᠠᠷ ᠪᠠᠭ᠎ᠠ ᠰᠤᠷᠭᠠᠭᠤᠯᠢ ᠶᠢᠨ ᠰᠠᠯᠬᠢ ᠪᠣᠷᠣᠭᠠᠨ ᠤ ᠲᠠᠮᠢᠷ ᠤᠨ ᠲᠠᠯᠠᠪᠠᠢ ᠵᠢᠴᠢ ᠳᠠᠬᠢᠨ ᠪᠠᠶᠢᠭᠤᠯᠤᠭᠰᠠᠨ ᠰᠦᠯᠢᠶᠣᠣ ᠭᠤᠮ ᠭᠦᠶᠦᠯᠲᠡ ᠶᠢᠨ ᠵᠠᠮ ᠤᠨ ᠲᠥᠷᠥᠯ ᠵᠦᠢᠯ    1. ᠬᠠᠷᠠᠯᠲᠠ ᠡᠭᠦᠷᠭᠡ᠃ ᠰᠤᠷᠭᠠᠭᠤᠯᠢ ᠶᠢᠨ ᠰᠠᠯᠬᠢ ᠪᠣᠷᠣᠭᠠᠨ ᠤ ᠲᠠᠮᠢᠷ ᠤᠨ ᠲᠠᠯᠠᠪᠠᠶ ᠶᠢᠨ 1800 ᠲᠡᠭᠰᠢ ᠳᠥᠷᠪᠡᠯᠵᠢᠨ ᠮᠧᠲᠷ ︵ᠬᠡᠰᠡᠭ ᠪᠡᠶ᠎ᠡ ᠶᠢᠨ ᠲᠠᠮᠢᠷ ᠤᠨ ᠢᠵᠢ ᠪᠥᠷᠢᠳᠦᠭᠦᠯᠬᠦ ᠬᠡᠷ ᠪᠠᠶᠢᠰᠢᠩ᠂ ᠤᠰᠤ ᠪᠠᠷ ᠤᠬᠢᠶᠠᠬᠤ ᠵᠣᠷᠯᠣᠩ ᠵᠡᠷᠭᠡ ᠶᠢ ᠪᠠᠭᠲᠠᠭᠠᠨ᠎ᠠ︶᠎ ᠶᠢ ᠰᠢᠨ᠎ᠡ ᠪᠠᠷ ᠪᠠᠶᠢᠭᠤᠯᠪᠠ︔ 300 ᠮᠧᠲᠷ ᠤᠨ ᠰᠦᠯᠢᠶᠣᠣ ᠴᠠᠪᠠᠤ ᠶᠢᠨ ᠭᠦᠶᠦᠯᠲᠡ ᠶᠢᠨ ᠵᠠᠮ ᠢ ᠰᠢᠨ᠎ᠡ ᠪᠠᠷ ᠪᠠᠶᠢᠭᠤᠯᠵᠤ᠂ 200 ᠲᠡᠭᠰᠢ ᠳᠥᠷᠪᠡᠯᠵᠢᠨ ᠮᠧᠲᠷ ᠤᠨ ᠲᠠᠶᠢᠰᠠᠨ ᠤ 200 ᠲᠡᠭᠰᠢ ᠳᠥᠷᠪᠡᠯᠵᠢᠨ ᠮᠧᠲᠷ ᠤᠨ ᠪᠥᠮᠪᠦᠭᠡ ᠶᠢᠨ ᠲᠥᠷᠥᠯ ᠤᠨ ᠠᠵᠢᠯᠯᠠᠭᠠᠨ ᠤ ᠲᠠᠯᠠᠪᠤᠷ ᠢ ᠰᠢᠨ᠎ᠡ ᠪᠠᠷ ᠪᠠᠶᠢᠭᠤᠯᠪᠠ︔ ᠪᠠᠷᠢᠯᠭ᠎ᠠ ᠶᠢᠨ ᠭᠠᠳᠠᠷ ᠲᠣᠣᠷ᠂ ᠭᠠᠯ ᠤᠨᠲᠠᠷᠠᠭᠠᠬᠤ ᠶᠢ ᠢᠵᠢ ᠪᠦᠷᠢᠳᠦᠭᠦᠯᠵᠦ᠂ ᠭᠠᠵᠠᠷ ᠬᠡᠷᠡᠭᠯᠡᠬᠦ ᠬᠡᠪᠴᠢᠶᠡᠨ ᠳᠣᠲᠣᠷᠠᠬᠢ ᠬᠦᠷᠢᠶ᠎ᠡ ᠬᠡᠷᠡᠮ᠂ ᠬᠠᠲᠠᠭᠤᠷᠠᠭᠤᠯᠬᠤ᠂ ᠨᠣᠭᠤᠭᠠᠷᠠᠭᠤᠯᠬᠤ ᠵᠡᠷᠭᠡ ᠬᠠᠷᠢᠶᠠᠲᠤ ᠪᠡᠯᠡᠳᠬᠡᠮᠵᠢ ᠶᠢᠨ ᠪᠦᠲᠦᠭᠡᠨ ᠪᠠᠶᠢᠭᠤᠯᠤᠯᠲᠠ ᠶᠢ ᠨᠡᠮᠡᠭᠳᠡᠭᠦᠯᠦᠨ᠎ᠡ᠃    2.ᠠᠬᠢᠴᠠ ᠶᠢᠨ ᠲᠣᠬᠢᠷᠠᠭᠤᠯᠤᠯᠲᠠ ᠪᠡᠯᠡᠳᠬᠡᠯ ᠱᠠᠲᠤ ᠦᠶ᠎ᠡ ︵2024 ᠣᠨ ᠤ 3 ᠳ᠋ᠤᠭᠠᠷ ᠰᠠᠷ᠎ᠠ︶ ᠲᠥᠷᠥᠯ ᠵᠦᠢᠯ ᠤᠨ ᠳᠠᠭᠠᠭᠠᠴᠢᠯᠠᠯᠲᠠ ᠵᠠᠷᠯᠠᠬᠤ ᠠᠵᠢᠯ ᠢ ᠪᠡᠶᠡᠯᠡᠭᠦᠯᠦᠨ᠎ᠡ᠃ ᠵᠣᠬᠢᠶᠠᠨ ᠪᠠᠶᠢᠭᠤᠯᠤᠨ ᠬᠡᠷᠡᠭᠵᠢᠭᠦᠯᠬᠦ ᠱᠠᠲᠤ ᠦᠶ᠎ᠡ ︵2024 ᠣᠨ ᠤ 4 ᠰᠠᠷ᠎ᠠ ᠠᠴᠠ 10 ᠰᠠᠷ᠎ᠠ︶᠎ ᠳᠤ᠂ ᠢᠨᠵᠧᠨᠧᠷᠢᠩ ᠤᠨ ᠪᠥᠲᠥᠭᠡᠨ ᠪᠠᠶᠢᠭᠤᠯᠤᠯᠲᠠ ᠶᠢ ᠶᠠᠪᠤᠭᠳᠠᠭᠤᠯᠤᠨ᠎ᠠ᠃ ᠰᠢᠯᠭᠠᠨ ᠠᠪᠴᠤ ᠳ᠋ᠦᠩᠨᠡᠬᠦ ᠱᠠᠲᠤ ᠦᠶ᠎ᠡ ︵2024 ᠣᠨ ᠤ 11 ᠰᠠᠷ᠎ᠠ︶᠎ ᠳᠤ ᠪᠠᠷᠢᠯᠭ᠎ᠠ ᠶᠢ ᠰᠢᠯᠭᠠᠨ ᠠᠪᠬᠤ᠂ ᠬᠢᠨᠠᠨ ᠪᠤᠳᠤᠬᠤ ᠶᠢ ᠬᠡᠷᠡᠭᠵᠢᠭᠦᠯᠦᠨ᠎ᠡ᠃ ︵ᠲᠦᠷᠦᠭᠦᠯᠡᠬᠦ ᠨᠢᠭᠡᠴᠡ᠄ ᠬᠠᠶᠢᠷᠤᠪ ᠤᠨ ᠲᠣᠬᠤᠢ ᠲᠣᠭᠤᠷᠢᠭ ᠤᠨ ᠰᠤᠷᠭᠠᠨ ᠬᠥᠮᠦᠵᠢᠯ ᠤᠨ ᠲᠣᠪᠴᠢᠶ᠎ᠠ︶    ᠭᠤᠷᠪᠠ᠂ ᠪᠠᠲᠤᠯᠠᠭ᠎ᠠ ᠶᠢᠨ ᠠᠷᠭ᠎ᠠ ᠬᠡᠮᠵᠢᠶ᠎ᠡ    ︵ᠨᠢᠭᠡ︶ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠵᠤ᠃ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠤᠨ ᠲᠥᠷᠥᠯ ᠵᠦᠢᠯ ᠨᠢᠭᠡᠪᠦᠷᠢ ᠨᠢ ᠠᠷᠠᠳ ᠣᠯᠠᠨ ᠤ ᠲᠤᠰ ᠪᠡᠶ᠎ᠡ ᠶᠢᠨ ᠠᠰᠢᠭ ᠲᠤᠰᠠ ᠲᠠᠢ ᠬᠤᠯᠪᠣᠭᠳᠠᠨ᠎ᠠ᠃ ᠡᠯ᠎ᠡ ᠲᠦᠷᠦᠭᠦᠯᠡᠨ ᠬᠢᠬᠦ ᠨᠢᠭᠡᠴᠡ ᠨᠦᠭᠦᠳ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠤᠨ ᠲᠥᠷᠥᠯ ᠵᠦᠢᠯ ᠢ ᠬᠡᠷᠡᠭᠵᠢᠭᠦᠯᠬᠦ ᠶᠢ ︽ᠨᠢᠭᠡᠳᠦᠭᠡᠷ ᠭᠠᠷ ᠤᠨ ᠢᠨᠵᠧᠨᠧᠷᠢᠩ︾ ᠪᠣᠯᠭᠠᠵᠤ᠂ ᠭᠤᠤᠯ ᠤᠳᠤᠷᠢᠳᠤᠯᠭ᠎ᠠ ᠪᠡᠶ᠎ᠡ ᠪᠠᠷ ᠢᠶᠠᠨ ᠠᠳᠬᠤᠵᠤ᠂ ᠬᠤᠪᠢᠳᠠᠨ ᠬᠠᠮᠢᠶᠠᠷᠴᠤ ᠪᠥᠬᠦᠶ ᠤᠳᠤᠷᠢᠳᠤᠯᠭ᠎ᠠ ᠪᠣᠳᠠᠲᠠᠶ ᠠᠳᠬᠤᠵᠤ᠂ ᠲᠤᠰᠬᠠᠶ ᠬᠥᠮᠦᠨ ᠵᠢᠭᠠᠨ ᠲᠣᠭᠲᠠᠭᠠᠵᠤ ᠬᠠᠷᠢᠭᠤᠴᠠᠭᠤᠯᠤᠨ᠂ ᠴᠤᠭᠭᠠᠷ ᠠᠳᠬᠤᠵᠤ ᠬᠠᠮᠲᠤ ᠪᠠᠷ ᠬᠠᠮᠢᠶᠠᠷᠬᠤ ᠰᠠᠶᠢᠨ ᠰᠠᠶᠢᠬᠠᠨ ᠪᠠᠶᠢᠳᠠᠯ ᠢ ᠪᠣᠶ ᠪᠣᠯᠭᠠᠬᠤ ᠬᠡᠷᠡᠭᠲᠡᠶ᠃    ︵ᠬᠤᠶᠠᠷ︶ ᠬᠠᠷᠢᠭᠤᠴᠠᠯᠭ᠎ᠠ ᠶᠢ ᠨᠠᠶᠢᠳᠠᠪᠣᠷᠢᠵᠢᠭᠤᠯᠬᠤ ᠶᠢ ᠴᠢᠩᠭᠠᠳᠬᠠᠨ᠎ᠠ᠃ ᠡᠯ᠎ᠡ ᠲᠦᠷᠦᠭᠦᠯᠡᠨ ᠬᠢᠬᠦ ᠨᠢᠭᠡᠴᠡ ᠨᠦᠭᠦᠳ ᠲᠤᠭᠤᠷᠢᠭ ᠤᠨ ᠵᠠᠰᠠᠭ ᠤᠨ ᠣᠷᠳᠣᠨ ᠤ ᠠᠵᠢᠯ ᠤᠨ ᠪᠠᠶᠢᠷᠢᠯᠠᠭᠤᠯᠤᠯᠲᠠ ᠶᠢᠨ ᠱᠠᠭᠠᠷᠳᠠᠯᠭ᠎ᠠ ᠶᠣᠰᠣᠭᠠᠷ᠂ ᠲᠥᠰᠦᠯ ᠢᠶᠠᠨ ᠤᠯᠠᠮ ᠨᠢᠭᠡ ᠠᠯᠬᠤᠮ ᠨᠠᠷᠢᠯᠢᠬᠵᠢᠭᠤᠯᠵᠤ᠂ ᠠᠵᠢᠯ ᠤᠨ ᠡᠭᠦᠷᠭᠡ ᠶᠢ ᠵᠠᠳᠠᠯᠤᠨ ᠨᠠᠶᠢᠳᠠᠪᠤᠷᠢᠵᠢᠭᠤᠯᠵᠤ᠂ ᠲᠥᠷᠥᠯ ᠵᠦᠢᠯ ᠤᠨ ᠠᠬᠢᠴᠠ ᠶᠢᠨ ᠪᠠᠶᠢᠳᠠᠯ ᠢ ᠴᠠᠭ ᠲᠤᠬᠠᠶ ᠳᠤᠨᠢ ᠡᠵᠡᠮᠰᠢᠨ᠂ ᠬᠡᠷᠡᠭᠵᠢᠭᠦᠯᠬᠦ ᠳᠤᠮᠳᠠ ᠲᠤᠯᠭᠠᠷᠠᠭᠰᠠᠨ ᠬᠦᠴᠢᠷᠳᠡᠯ ᠪᠠ ᠠᠰᠠᠭᠤᠳᠠᠯ ᠢ ᠵᠣᠬᠢᠴᠠᠭᠤᠯᠤᠨ ᠰᠢᠢᠳᠪᠦᠷᠢᠯᠡᠵᠦ᠂ ᠡᠯ᠎ᠡ ᠵᠦᠢᠯ ᠤᠨ ᠡᠭᠦᠷᠭᠡ ᠶᠢ ᠪᠥᠬᠦ ᠲᠠᠯ᠎ᠠ ᠪᠠᠷ ᠪᠡᠶᠡᠯᠡᠭᠦᠯᠬᠦ ᠶᠢ ᠦᠨᠡᠨᠬᠦ ᠪᠠᠲᠤᠯᠠᠬᠤ ᠬᠡᠷᠡᠭᠲᠡᠶ᠃ ᠲᠤᠭᠤᠷᠢᠭ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠤᠨ ᠲᠥᠷᠥᠯ ᠵᠦᠢᠯ ᠤᠨ ᠠᠬᠢᠴᠠ ᠶᠢᠨ ᠪᠠᠶᠢᠳᠠᠯ ᠢ ᠲᠣᠭᠲᠠᠮᠠᠯ ᠬᠤᠭᠤᠴᠠᠭ᠎ᠠ ᠲᠠᠢ ᠪᠠᠷ ᠳᠣᠭᠢᠷᠠᠭᠤᠯᠵᠤ᠂ ᠬᠤᠯᠪᠣᠭᠳᠠᠯ ᠪᠥᠬᠦᠶ ᠲᠥᠷᠥᠯ ᠵᠦᠢᠯ ᠤᠨ ᠬᠠᠷᠢᠭᠤᠴᠠᠯᠭᠠᠲᠤ ᠨᠢᠭᠡᠴᠡ ᠶᠢ ᠲᠦᠷᠦᠭᠦᠯᠡᠨ ᠰᠢᠮᠳᠠᠭᠤᠯᠵᠤ ᠪᠠᠶᠢᠭᠠᠳ ᠲᠥᠯᠥᠪᠯᠡᠭᠡ ᠶᠣᠰᠣᠭᠠᠷ ᠨᠠᠶᠢᠳᠠᠪᠤᠷᠢᠵᠢᠭᠤᠯᠬᠤ ᠬᠡᠷᠡᠭᠲᠡᠶ︔ ᠲᠤᠭᠤᠷᠢᠭ ᠤᠨ ᠡᠳ᠋ ᠤᠨ ᠵᠠᠰᠠᠭ ᠤᠨ ᠲᠣᠪᠴᠢᠶ᠎ᠠ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠤᠨ ᠪᠠᠯᠠ ᠮᠥᠩᠭᠦ ᠶᠢᠨ ᠪᠠᠲᠤᠯᠠᠭ᠎ᠠ ᠶᠢ ᠴᠢᠩᠭᠠᠳᠬᠠᠵᠤ᠂ ᠲᠥᠯᠥᠪᠯᠡᠭᠡ ᠶᠣᠰᠣᠭᠠᠷ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠤᠨ ᠪᠠᠯᠠ ᠮᠥᠩᠭᠦ ᠶᠢᠨ ᠬᠡᠷᠡᠭᠴᠡᠭᠡ ᠶᠢ ᠪᠠᠲᠤᠯᠠᠬᠤ ᠬᠡᠷᠡᠭᠲᠡᠶ︔ ᠲᠤᠭᠤᠷᠢᠭ ᠤᠨ ᠬᠢᠨᠠᠨ ᠪᠤᠳᠤᠬᠤ ᠲᠣᠪᠴᠢᠶ᠎ᠠ ᠲᠥᠷᠥᠯ ᠵᠦᠢᠯ ᠤᠨ ᠬᠢᠨᠠᠨ ᠪᠤᠳᠤᠬᠤ ᠬᠢᠨᠠᠯᠲᠠ ᠶᠢ ᠰᠠᠶᠢᠲᠤᠷ ᠬᠢᠵᠦ᠂ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠵᠢᠷᠤᠮᠵᠢᠭᠰᠠᠨ ᠬᠠᠮᠢᠶᠠᠷᠤᠯᠲᠠ ᠶᠢ ᠠᠬᠢᠭᠤᠯᠬᠤ ᠬᠡᠷᠡᠭᠲᠡᠶ᠃    ︵ᠭᠤᠷᠪᠠ︶ ᠰᠢᠮᠳᠠᠭᠤᠯᠤᠨ ᠪᠠᠶᠢᠴᠠᠭᠠᠵᠤ ᠬᠠᠷᠢᠭᠤᠴᠠᠯᠭ᠎ᠠ ᠨᠡᠬᠡᠮᠵᠢᠯᠡᠬᠦ ᠶᠢ ᠴᠢᠩᠳᠠᠯᠠᠨ᠎ᠠ᠃ ᠡᠯ᠎ᠡ ᠲᠦᠷᠦᠭᠦᠯᠡᠨ ᠬᠢᠬᠦ ᠨᠢᠭᠡᠴᠡ ᠨᠦᠭᠦᠳ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠤᠨ ᠲᠥᠷᠥᠯ ᠵᠦᠢᠯ ᠤᠨ ᠲᠥᠰᠦᠯ ᠢ ᠲᠣᠭᠲᠠᠭᠠᠬᠤ᠂ ᠲᠥᠷᠥᠯ ᠵᠦᠢᠯ ᠤᠨ ᠠᠬᠢᠴᠠ᠂ ᠪᠡᠯᠡ ᠮᠥᠩᠭᠦ ᠶᠢᠨ ᠬᠡᠷᠡᠭᠯᠡᠯᠲᠡ᠂ ᠢᠨᠵᠧᠨᠧᠷᠢᠩ ᠤᠨ ᠶᠠᠰᠤ ᠴᠢᠨᠠᠷ ᠵᠢᠴᠢ ᠠᠵᠢᠯᠯᠠᠭᠠᠨ ᠤ ᠦᠷ᠎ᠡ ᠨᠥᠯᠥᠭᠡ ᠵᠡᠷᠭᠡ ᠲᠠᠯ᠎ᠠ ᠪᠠᠷ ᠲᠤᠭᠤᠷᠢᠭ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠪᠣᠯᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ᠂ ᠣᠯᠠᠨ ᠲᠦᠮᠡᠨ ᠤ ᠬᠢᠨᠠᠯᠲᠠ ᠶᠢ ᠰᠠᠨᠠᠭᠠᠴᠢᠯᠠᠭ᠎ᠠ ᠠᠴᠠ ᠪᠠᠨ ᠬᠦᠯᠢᠶᠡᠬᠦ ᠶᠢᠨ ᠬᠠᠮᠲᠤ ᠲᠥᠷᠥᠯ ᠵᠦᠢᠯ ᠤᠨ ᠵᠠᠯᠭᠠᠮᠵᠢ ᠬᠠᠮᠢᠶᠠᠷᠤᠯᠲᠠ ᠶᠢ ᠴᠢᠩᠭᠠᠳᠬᠠᠵᠤ᠂ ᠪᠣᠳᠠᠲᠤ ᠶᠠᠪᠤᠳᠠᠯ ᠪᠦᠬᠦᠨ ᠢ ᠦᠨᠡᠨ ᠬᠦ ᠪᠣᠳᠠᠲᠠᠶ ᠳᠤ ᠨᠠᠶᠢᠳᠠᠪᠤᠷᠢᠵᠢᠭᠤᠯᠬᠤ ᠬᠡᠷᠡᠭᠲᠡᠶ᠃ ᠲᠤᠭᠤᠷᠢᠭ ᠤᠨ ᠵᠠᠰᠠᠭ ᠤᠨ ᠣᠷᠳᠣᠨ ᠤ ᠰᠢᠮᠳᠠᠭᠤᠯᠤᠨ ᠪᠠᠶᠢᠴᠠᠭᠠᠬᠤ ᠲᠠᠰᠤᠭ ᠨᠢ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠢ ᠨᠠᠶᠢᠳᠠᠪᠤᠷᠢᠵᠢᠭᠤᠯᠤᠭᠰᠠᠨ ᠪᠠᠶᠢᠳᠠᠯ ᠢ ᠪᠥᠬᠦ ᠶᠠᠪᠤᠴᠠ ᠳᠤ ᠮᠥᠷᠳᠡᠨ ᠬᠢᠨᠠᠨ ᠵᠢᠯᠣᠭᠤᠳᠴᠤ᠂ ᠬᠦᠴᠦᠲᠡᠶ ᠠᠬᠢᠭᠤᠯᠤᠭᠰᠠᠨ ᠥᠬᠡᠶ ᠪᠠᠶᠢᠪᠠᠯ᠂ ᠵᠠᠷᠯᠢᠭᠳᠠᠵᠤ ᠪᠠᠶᠢᠭᠠᠳ ᠬᠤᠭᠤᠴᠠᠭ᠎ᠠ ᠬᠢᠵᠠᠭᠠᠷᠯᠠᠨ ᠴᠡᠭᠴᠡᠯᠡᠨ ᠥᠭᠡᠷᠡᠴᠢᠯᠡᠭᠦᠯᠦᠨ᠎ᠡ︔ ᠣᠨ ᠤ ᠪᠡᠶᠡᠯᠡᠭᠦᠯᠦᠭᠰᠡᠨ ᠦᠭᠡᠢ ᠪᠠᠶᠢᠪᠠᠯ᠂ ᠳᠠᠷᠠᠭ᠎ᠠ ᠵᠢᠯ ᠤᠨ ᠲᠤᠭᠤᠷᠢᠭ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠳᠡᠭᠡᠷ᠎ᠡ ᠪᠥᠬᠦ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢᠳ ᠲᠤ ᠲᠣᠳᠣᠷᠬᠠᠶᠢᠯᠠᠯᠲᠠ ᠬᠢᠨ᠎ᠠ᠃   
 
ᠢᠷᠡᠯᠲᠡ᠄ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号