5 ᠰᠠᠷ᠎ᠠ ᠶᠢᠨ 1 ᠤ ᠡᠳᠦᠷ ᠠᠴᠠ 3 ᠤ ᠡᠳᠦᠷ ᠪᠣᠯᠲᠠᠯ᠎ᠠ᠂ ︽ᠠᠮᠢᠵᠢᠷᠠᠯ ᠤᠨ ᠬᠦᠴᠦᠨ ᠲᠠᠢ ᠥᠪᠥᠷ | ᠮᠣᠩᠭᠤᠯ ᠤᠨ ᠵᠢᠷᠭᠠᠯᠠᠩᠲᠤ ᠬᠡᠷᠡᠭᠯᠡᠭᠡ︾ 2025 ᠣᠨ ᠤ ᠬᠠᠶᠢᠷᠤᠪ ᠤᠨ ᠲᠤᠬᠤᠢ ᠲᠣᠭᠤᠷᠢᠭ ᠤᠨ ︽ᠦᠬᠠᠢ ᠳᠤ | ᠠᠰᠢᠭ ᠬᠦᠷᠲᠡᠭᠡᠵᠦ ᠠᠮᠢᠳᠤᠷᠠᠯ ᠢ ᠡᠳ᠋ᠯᠡᠬᠦ︾ ︽5 · 1︾ ᠤ ᠲᠡᠷᠭᠡᠨ ᠦᠵᠡᠭᠦᠯᠦᠯᠭᠡ ᠶᠠᠪᠤᠭᠳᠠᠪᠠ᠃ ᠲᠣᠰ | ᠤᠳᠠᠭᠠᠨ ᠤ ᠲᠡᠷᠭᠡᠨ ᠦᠵᠡᠭᠦᠯᠦᠯᠭᠡ ᠳᠤ ᠨᠡᠶᠢᠲᠡ 641 ᠲᠡᠷᠭᠡ ᠵᠠᠬᠢᠶᠠᠯᠠᠪᠠ᠂ ᠡᠭᠦᠨ ᠳᠤ ᠰᠢᠨ᠎ᠡ ᠡᠨᠧᠷᠭᠢ ᠶᠢᠨ | ᠮᠠᠰᠢᠨ ᠲᠡᠷᠭᠡ 416᠂ ᠰᠢᠲᠠᠭᠠᠯᠭ᠎ᠠ ᠶᠢᠨ ᠲᠣᠰᠣᠨ ᠤ ᠲᠡᠷᠭᠡ᠂ ᠬᠤᠯᠢᠮᠠᠭ ᠲᠡᠷᠭᠡ ᠨᠡᠶᠢᠲᠡ 225 ᠪᠠᠶᠢᠵᠤ᠂ | ᠳᠤᠮᠳᠠᠴᠢ ᠦᠨ᠎ᠡ ᠨᠢ 15.17 ᠲᠦᠮᠡᠨ ᠲᠥᠭᠦᠷᠢᠭ᠂ ᠪᠣᠷᠣᠯᠠᠭᠤᠯᠤᠭᠰᠠᠨ ᠵᠣᠭᠤᠰ ᠤᠨ ᠲᠤᠭ᠎ᠠ ᠨᠢ ᠨᠡᠶᠢᠲᠡ | 9724 ᠲᠦᠮᠡᠨ ᠲᠥᠭᠦᠷᠢᠭ ᠪᠣᠯᠤᠨ᠎ᠠ᠃ | | ᠲᠣᠰ ᠤᠳᠠᠭᠠᠨ ᠤ ᠲᠡᠷᠭᠡᠨ ᠦᠵᠡᠭᠦᠯᠦᠯᠭᠡ ᠨᠢ ᠨᠡᠶᠢᠲᠡ 44 ᠭᠤᠤᠯ ᠤᠷᠤᠰᠬᠠᠯ ᠤᠨ ᠮᠠᠰᠢᠨ ᠲᠡᠷᠭᠡᠨ ᠤ | ᠨᠠᠷᠠᠲᠤ ᠲᠡᠮᠳᠡᠭᠲᠦ ᠶᠢᠨ 154 ᠬᠠᠯᠠᠮ ᠬᠡᠯᠪᠡᠷᠢ ᠶᠢᠨ ᠲᠡᠷᠭᠡᠨ ᠬᠡᠯᠪᠡᠷᠢ ᠶᠢ ᠳᠡᠯᠭᠡᠨ ᠦᠵᠡᠭᠦᠯᠵᠦ᠂ ᠮᠠᠰᠢ ᠣᠯᠠᠨ | ᠬᠤᠲᠠ ᠶᠢᠨ ᠠᠷᠠᠳ ᠤᠨ ᠠᠩᠬᠠᠷᠤᠯ ᠢ ᠲᠠᠲᠠᠵᠠᠶ᠃ 4 ᠰᠠᠷ᠎ᠠ ᠶᠢᠨ 28 ᠤ ᠡᠳᠦᠷ ᠠᠴᠠ 5 ᠰᠠᠷ᠎ᠠ ᠶᠢᠨ 5 ᠤ | ᠡᠳᠦᠷ ᠪᠣᠯᠲᠠᠯᠠᠬᠢ ᠬᠤᠭᠤᠴᠠᠭᠠᠨ ᠳᠤ ᠰᠢᠨ᠎ᠡ ᠲᠡᠷᠭᠡ ᠬᠤᠳᠠᠯᠳᠤᠨ ᠠᠪᠬᠤ ᠬᠡᠷᠡᠭᠯᠡᠭᠴᠢ ᠪᠦᠬᠦᠨ ᠤᠯᠤᠰ ᠤᠨ ᠮᠠᠰᠢᠨ | ᠲᠡᠷᠭᠡᠨ ᠤ ᠬᠡᠷᠡᠭᠯᠡᠭᠡᠨ ᠠᠴᠠ ᠭᠠᠷᠭᠠᠬᠤ ᠰᠢᠨᠡᠳᠬᠡᠯᠲᠡ ᠶᠢᠨ ᠨᠥᠬᠦᠪᠥᠷᠢ ᠪᠤᠶᠤ ᠰᠣᠯᠢᠵᠤ ᠰᠢᠨᠡᠳᠬᠡᠬᠦ ᠨᠥᠬᠦᠪᠥᠷᠢ ᠶᠢᠨ | ᠲᠥᠷᠥ ᠶᠢᠨ ᠪᠣᠳᠣᠯᠭ᠎ᠠ ᠶᠢ ᠭᠥᠷᠳᠡᠭᠰᠡᠨ ᠰᠠᠭᠤᠷᠢᠨ ᠳᠡᠭᠡᠷ᠎ᠡ᠂ ᠴᠥᠮ 2025 ᠣᠨ ᠤ ᠬᠠᠶᠢᠷᠤᠪ ᠤᠨ ᠲᠣᠬᠤᠶ | ᠲᠣᠭᠤᠷᠢᠭ ᠤᠨ ︽5 · 1︾ ᠤ ᠲᠡᠷᠭᠡ ᠬᠤᠳᠠᠯᠳᠤᠨ ᠠᠪᠬᠤ ᠨᠥᠬᠦᠪᠥᠷᠢ ᠶᠢ ᠳᠠᠪᠬᠤᠷᠳᠠᠭᠤᠯᠤᠨ ᠭᠥᠷᠳᠡᠵᠦ | ᠪᠣᠯᠤᠨ᠎ᠠ᠃ | | ᠲᠤᠰ ᠤᠳᠠᠭᠠᠨ ᠤ ᠲᠡᠷᠭᠡᠨ ᠦᠵᠡᠭᠦᠯᠦᠯᠭᠡ ᠳᠤ ᠣᠯᠠᠨ ᠮᠠᠰᠢᠨ ᠲᠡᠷᠭᠡᠨ ᠤ ᠨᠡᠷᠡᠲᠦ ᠲᠡᠮᠳᠡᠭ ᠭᠠᠷᠭᠠᠵᠤ᠂ | ᠬᠠᠮᠤᠭ ᠰᠢᠨ᠎ᠡ ᠮᠠᠰᠢᠨ ᠲᠡᠷᠭᠡᠨ ᠤ ᠮᠡᠷᠭᠡᠵᠢᠯ ᠪᠠ ᠵᠢᠷᠤᠭ ᠲᠥᠯᠥᠪᠯᠡᠭᠡ ᠶᠢᠨ ᠣᠢᠯᠠᠭᠠᠭᠳᠠᠬᠤᠨ ᠢ ᠳᠡᠯᠭᠡᠨ | ᠦᠵᠡᠭᠦᠯᠦᠭᠰᠡᠨ ᠢᠶᠠᠷ ᠪᠠᠷᠠᠬᠤ ᠥᠬᠡᠢ ᠪᠠᠰᠠ ᠲᠡᠷᠭᠡ ᠬᠤᠳᠠᠯᠳᠤᠨ ᠠᠪᠬᠤ ᠣᠯᠠᠨ ᠵᠦᠢᠯ ᠤᠨ ᠬᠠᠷᠠᠭᠠᠯᠵᠠᠯ ᠤᠨ | ᠠᠵᠢᠯᠯᠠᠭ᠎ᠠ ᠭᠠᠷᠭᠠᠵᠤ᠂ ᠪᠡᠯᠡᠨ ᠵᠣᠭᠤᠰ ᠰᠢᠭᠤᠤᠡ ᠪᠠᠭᠤᠷᠠᠬᠤ᠂ ᠮᠥᠩᠭᠦᠨ ᠭᠦᠢᠯᠭᠡᠭᠡᠨ ᠤ ᠨᠥᠬᠦᠪᠥᠷᠢ ᠵᠡᠷᠭᠡ ᠶᠢ | ᠪᠠᠭᠲᠠᠭᠠᠭᠰᠠᠨ ᠬᠡᠷᠡᠭᠯᠡᠭᠴᠢᠳ ᠤᠨ ᠲᠡᠷᠭᠡ ᠬᠤᠳᠠᠯᠳᠤᠨ ᠠᠪᠬᠤ ᠥᠪᠡᠷ ᠤᠨ ᠥᠷᠲᠡᠭ ᠢ ᠤᠯᠠᠮ ᠨᠢᠭᠡ ᠠᠯᠬᠤᠮ | ᠪᠠᠭᠤᠷᠠᠭᠤᠯᠪᠠ᠃ | | ︽ᠡᠨᠡ ᠵᠢᠯ᠂ ᠮᠠᠰᠢᠨ ᠲᠡᠷᠭᠡ ᠬᠠᠭᠤᠴᠢᠨ ᠢᠶᠠᠷ ᠰᠢᠨ᠎ᠡ ᠶᠢ ᠰᠣᠯᠢᠬᠤ ᠲᠥᠷᠥ ᠶᠢᠨ ᠪᠣᠳᠣᠯᠭ᠎ᠠ ᠦᠷᠭᠦᠯᠵᠢᠯᠡᠨ | ᠬᠦᠴᠦᠯᠡᠵᠦ᠂ ᠮᠠᠨ ᠤ ᠲᠦᠷᠦᠭᠦᠤ ᠳᠥᠷᠪᠡᠨ ᠰᠠᠷ᠎ᠠ ᠶᠢᠨ ᠪᠦᠬᠦᠯᠢ ᠴᠣᠭᠴᠠ ᠶᠢᠨ ᠪᠣᠷᠣᠯᠠᠭᠤᠯᠭ᠎ᠠ ᠶᠢᠨ ᠬᠡᠮᠵᠢᠶ᠎ᠡ | ᠨᠡᠮᠡᠭᠳᠡᠵᠦ᠂ ᠡᠨᠡ ᠤᠳᠠᠭᠠᠨ ᠤ ᠲᠡᠷᠭᠡᠨ ᠦᠵᠡᠭᠦᠯᠦᠯᠭᠡ ᠳᠤ ᠪᠢᠳᠡ 12 ᠵᠦᠢᠯ ᠤᠨ ᠲᠡᠷᠭᠡᠨ ᠬᠡᠯᠪᠡᠷᠢ ᠳᠡᠯᠭᠡᠨ | ᠦᠵᠡᠭᠦᠯᠵᠦ᠂ ᠡᠯ᠎ᠡ ᠵᠦᠢᠯ ᠤᠨ ᠨᠥᠬᠦᠪᠥᠷᠢ ᠶᠢᠨ ᠨᠡᠮᠡᠯᠲᠡ ᠳᠣᠤᠷ᠎ᠠ᠂ ᠪᠢᠳᠡ ᠬᠤᠶᠠᠳᠤᠭᠠᠷ ᠤᠯᠠᠷᠢᠯ ᠤᠨ | ᠪᠣᠷᠣᠯᠠᠭᠤᠯᠤᠯᠲᠠ ᠶᠢᠨ ᠬᠡᠮᠵᠢᠶ᠎ᠡ ᠳᠤ ᠮᠠᠰᠢ ᠢᠲᠡᠭᠡᠯ ᠲᠠᠢ ᠪᠠᠶᠢᠨ᠎ᠠ︾ ᠭᠡᠵᠡᠶ᠃ ᠦᠬᠠᠶ ᠬᠤᠲᠠ ᠶᠢᠨ ᠮᠠᠰᠢᠨ | ᠲᠡᠷᠭᠡᠨ ᠤ ᠰᠢᠨ ᠱᠧᠩ ᠬᠠᠩ ᠪᠤᠷᠤᠯᠠᠬᠤᠯᠭᠠ ᠶᠢᠨ ᠬᠢᠵᠠᠭᠠᠷᠳᠤ ᠬᠠᠷᠢᠭᠤᠴᠠᠯᠭᠠᠳᠤ ᠺᠤᠮᠫᠠᠨ᠋ᠢ ᠶᠢᠨ ᠶᠡᠷᠦᠩᠬᠡᠶ | ᠳᠠᠭᠠᠭᠠᠮᠠᠯ ᠯᠢᠨ ᠶᠠᠨ ᠪᠢᠩ ᠬᠡᠯᠡᠪᠡ᠃ | |