ᠤᠷᠭᠤᠮᠡᠯ ᠤᠨ ᠬᠦᠷᠢᠶᠡᠯᠡᠩ
ᠨᠡᠶᠢᠲᠡᠯᠡᠭᠰᠡᠨ ᠴᠠᠭ᠄
2018-11-30
    ᠦᠬᠠᠢ ᠬᠤᠲᠡ ᠶᠢᠨ ᠤᠷᠭᠤᠮᠡᠯ ᠤᠨ ᠬᠦᠷᠢᠶᠡᠯᠡᠩ ᠬᠤᠲᠡ ᠶᠢᠨ ᠲᠤᠭᠤᠷᠢᠭ ᠤᠨ ᠤᠮᠠᠷᠠᠳᠤ ᠬᠡᠰᠡᠭ ᠳᠤ ᠪᠠᠶᠢᠷᠢᠯᠠᠵᠦ᠂ ᠨᠢᠭᠡᠨ ᠦᠵᠡᠮᠤᠷᠢ ᠶᠢᠨ ᠮᠤᠳᠤ ᠪᠤᠶᠢᠵᠢᠭᠤᠯᠬᠤ᠂ ᠰᠤᠨᠢᠷᠬᠠᠬᠤ᠂ ᠵᠤᠭ᠎ᠠ ᠴᠡᠩᠬᠡᠯ ᠢ ᠨᠢᠭᠡ ᠴᠤᠭᠴᠠᠵᠢᠭᠤᠯᠤᠭᠰᠡᠨ ᠨᠡᠬᠡᠬᠡᠯᠳᠡᠳᠤ ᠮᠠᠶ᠋ᠢᠭ ᠤᠨ ᠬᠤᠲᠡ ᠶᠢᠨ ᠴᠡᠴᠡᠷᠯᠢᠭ ᠪᠤᠯᠭᠠᠵᠠᠢ᠃ ᠦᠨᠦ ᠴᠡᠴᠡᠷᠯᠢᠭ ᠤᠨ ᠦᠩᠭᠡ ᠦᠵᠡᠮᠵᠢ ᠲᠦᠷᠰᠦ ᠪᠠᠶᠢᠳᠠᠯ ᠨᠢ ᠠᠩᠬ᠎ᠠ ᠠᠯᠬᠤᠮ ᠲᠦᠯᠦᠪᠵᠢᠵᠦ᠂ ᠵᠢᠯ ᠳᠤ 30 ᠲᠦᠮᠡᠨ ᠬᠦᠮᠦᠨ ᠤᠳᠠᠭ᠎ᠠ ᠵᠤᠭᠠᠴᠠᠭᠰᠡᠳ ᠢ ᠬᠦᠯᠢᠶᠡᠨ ᠠᠪᠴᠠᠢ᠃      ᠤᠷᠭᠤᠮᠡᠯ ᠤᠨ ᠬᠦᠷᠢᠶᠡᠯᠡᠩ 2003 ᠤᠨ ᠳᠤ ᠮᠤᠳᠤ ᠰᠠᠭᠤᠯᠭᠠᠨ ᠡᠬᠢᠯᠡᠨ ᠪᠠᠶᠢᠭᠤᠯᠵᠦ᠂ 2004 ᠤᠨ ᠎ ᠤ 9 ᠰᠠᠷ᠎ᠠ ᠳᠤ ᠵᠤᠭᠠᠴᠠᠭᠰᠡᠳ ᠲᠤ ᠨᠡᠬᠡᠬᠡᠵᠦ᠂ ᠡᠵᠡᠯᠡᠬᠦ ᠲᠠᠯᠠᠪᠠᠢ ᠨᠢ 140 ᠡᠾᠧᠷᠲ᠋ᠠᠷ᠂ ᠡᠯ᠎ᠡ ᠲᠦᠷᠤᠯ ᠤᠨ ᠮᠤᠳᠤ 30 ᠲᠦᠮᠡᠨ ᠰᠠᠭᠤᠷᠢ᠂ 120 ᠵᠦᠢᠯ᠃ ᠨᠢᠭᠡᠨᠲᠡ ᠪᠠᠶᠢᠭᠤᠯᠵᠦ ᠳᠠᠭᠤᠰᠤᠭᠰᠡᠨ ᠤᠰᠤᠨ ᠰᠢᠰᠲ᠋ᠧᠮ 6.5 ᠡᠾᠧᠷᠲ᠋ᠠᠷ᠂ ᠰᠡᠯᠡᠭᠦᠴᠡᠯ ᠤᠨ ᠲᠠᠯᠠᠪᠠᠢ 5᠂ ᠬᠦᠷᠢᠶᠡᠯᠡᠩ ᠤᠨ ᠳᠤᠲᠤᠷ᠎ᠠ ᠵᠠᠮ ᠬᠠᠷᠢᠯᠴᠠᠭ᠎ᠠ ᠨᠡᠪᠲᠡᠷᠡᠨ᠂ ᠪᠦᠬᠦ ᠬᠦᠷᠢᠶᠡᠯᠡᠩ ᠤᠨ ᠬᠠᠳᠠᠭᠤᠷᠠᠭᠤᠯᠤᠭᠰᠡᠨ ᠲᠠᠯᠠᠪᠠᠢ ᠨᠢ 3.8 ᠡᠾᠧᠷᠲ᠋ᠠᠷ᠂ ᠤᠷᠤᠬᠤ ᠡᠭᠦᠳᠡ 4 ᠪᠠᠶᠢᠨ᠎ᠠ᠂ ᠲᠤᠰ ᠲᠤᠰ ᠪᠠᠷᠠᠭᠤᠨ ᠡᠭᠦᠳᠡ᠂ ᠡᠮᠦᠨ᠎ᠡ ᠡᠭᠦᠳᠡ᠂ ᠵᠡᠭᠦᠨ ᠡᠭᠦᠳᠡ᠂ ᠬᠤᠶᠢᠳᠤ ᠡᠭᠦᠳᠡ ᠪᠤᠯᠤᠨ᠎ᠠ᠂ ᠬᠤᠶᠢᠳᠤ ᠡᠭᠦᠳᠡ ᠎ ᠶᠢ 2010  ᠤᠨ ᠳᠤ ᠪᠠᠶᠢᠭᠤᠯᠵᠠᠢ᠃ ᠨᠢᠭᠡᠨᠲᠡ ᠪᠠᠶᠢᠭᠤᠯᠤᠭᠰᠡᠨ ᠰᠢᠶᠤᠤ ᠯᠤᠩ ᠬᠤ᠋ ᠵᠤᠭ᠎ᠠ ᠴᠡᠩᠬᠡᠯ ᠤᠨ ᠤᠷᠤᠨ᠂ ᠴᠠᠷᠴᠠᠮᠡᠯ ᠬᠦᠷᠢᠶᠡᠯᠡᠩ᠂ ᠴᠡᠴᠡᠭ ᠨᠠᠪᠴᠢ ᠶᠢᠨ ᠤᠷᠤᠨ᠂ ᠢᠯᠠᠮ᠎ᠠ ᠶᠢᠨ ᠬᠦᠷᠢᠶᠡᠯᠡᠩ᠂ ᠬᠤᠤᠰ ᠳᠠᠭᠳᠤ ᠎ ᠶᠢᠨ ᠬᠦᠷᠢᠶᠡᠯᠡᠩ᠂ ᠰᠢᠯᠮᠤᠤᠰᠤᠳᠤ ᠤᠢ ᠶᠢᠨ ᠦᠵᠡᠮᠵᠢ ᠶᠢᠨ ᠤᠷᠤᠨ᠂ ᠦᠷᠭᠡᠨ ᠨᠠᠪᠴᠢᠳᠤ ᠤᠢ ᠶᠢᠨ ᠦᠵᠡᠮᠵᠢ ᠎ ᠶᠢᠨ ᠤᠷᠤᠨ᠃ ᠦᠵᠡᠮᠵᠢ ᠶᠢ ᠲᠠᠭᠠᠨ᠂ ᠰᠤᠨᠢᠷᠬᠠᠬᠤ ᠱᠤᠭᠤᠮ ᠳᠡᠭᠡᠷ᠎ᠡ 100 ᠮᠧᠲᠷ ᠤᠨ ᠤᠷᠳᠤ ᠬᠤᠩᠬᠢᠯ᠂ ᠳᠤᠬᠢᠶᠠᠨ ᠭᠠᠯ ᠤᠨ ᠲᠠᠪᠴᠠᠩ ︵ᠲᠡᠷᠡ ᠨᠢ ᠡᠷᠳᠡᠨ ᠤ ᠬᠢ ᠶᠢ ᠳᠠᠭᠤᠷᠢᠶᠠᠵᠦ ᠪᠠᠶᠢᠭᠤᠯᠤᠭᠰᠡᠨ᠂ ᠮᠠᠨ ᠤ ᠬᠤᠲᠡ ᠎ ᠶᠢᠨ ᠮᠢᠩ ᠤᠯᠤᠰ ᠤᠨ ᠦᠯᠡᠳᠡᠭᠳᠡᠯ ᠳᠤᠬᠢᠶᠠᠨ ᠭᠠᠯ ᠤᠨ ᠲᠠᠪᠴᠠᠩ ᠬᠤᠲᠡ ᠶᠢᠨ ᠡᠮᠦᠨ᠎ᠡ 20 ᠺᠢᠯᠤᠮᠧᠲᠷ ᠤᠨ ᠬᠠᠳᠤᠨ ᠭᠤᠤᠯ ᠤᠨ ᠬᠦᠪᠡᠭᠡ ᠳᠤ ᠪᠠᠶᠢᠷᠢᠯᠠᠵᠦ ᠪᠤᠢ︶᠂ ᠲᠠᠩ ᠤᠷᠤᠰᠬᠠᠯ᠂ ᠰᠡᠷᠢᠭᠦᠨ ᠲᠠᠭᠳᠤ᠂ ᠲᠠᠭᠳᠤ᠂ ᠴᠡᠴᠡᠭ ᠤᠨ ᠲᠠᠯᠪᠢᠭᠤᠷ᠂ ᠱᠤᠭᠤᠮᠡᠯ ᠬᠦᠷᠦᠭ᠂ ᠬᠦᠭᠦᠷᠭᠡᠨ ᠵᠠᠮ᠂ ᠤᠷᠭᠢᠯᠤᠭ᠎ᠠ ᠪᠤᠯᠠᠭ᠂ ᠰᠤᠨᠵᠤ ᠠᠪᠴᠢᠬᠤ ᠪᠦᠷᠬᠦᠬᠦᠯ ᠵᠡᠷᠭᠡ ᠴᠡᠴᠡᠷᠯᠢᠭ ᠤᠨ ᠰᠤᠯᠠ ᠬᠡᠷᠡᠭᠰᠡᠯ ᠲᠤᠬᠢᠷᠠᠭᠤᠯᠵᠠᠢ᠃ ᠤᠷᠭᠤᠮᠡᠯ ᠤᠨ ᠬᠦᠷᠢᠶᠡᠯᠡᠩ ᠤᠨ ᠪᠦᠲᠦᠭᠡᠨ ᠪᠠᠶᠢᠭᠤᠯᠤᠯᠲᠡ ᠨᠢ ᠴᠢᠬᠢ ᠪᠤᠶᠢᠵᠢᠭᠤᠯᠬᠤ᠂ ᠤᠶᠢᠵᠢᠭᠤᠯᠬᠤ᠂ ᠰᠢᠨᠵᠢᠯᠡᠬᠦ ᠤᠬᠠᠭᠠᠨ ᠤ ᠰᠤᠳᠤᠯᠤᠯ ᠪᠠ ᠠᠰᠢᠭᠯᠠᠯᠲᠡ ᠎ ᠶᠢ ᠳᠡᠯᠭᠡᠷᠡᠭᠦᠯᠬᠦ ᠴᠢᠳᠠᠪᠦᠷᠢ ᠶᠢ ᠪᠡᠶᠡᠯᠡᠭᠦᠯᠦᠭᠰᠡᠨ ᠢᠶᠠᠷ ᠪᠠᠷᠠᠬᠤ ᠦᠭᠡᠢ ᠪᠠᠰᠠ ᠨᠡᠬᠡᠬᠡᠯᠳᠠᠳᠤ ᠮᠠᠶ᠋ᠢᠭ ᠤᠨ ᠴᠡᠴᠡᠷᠯᠢᠭ ᠪᠤᠯᠤᠭᠰᠡᠨ ᠤ ᠬᠤᠪᠢ ᠳᠤ ᠵᠤᠭᠠᠴᠠᠭᠰᠡᠳ ᠲᠤ ᠰᠤᠨᠢᠷᠬᠠᠬᠤ᠂ ᠵᠤᠭ᠎ᠠ ᠴᠡᠩᠬᠡᠯ ᠤᠨ ᠴᠢᠳᠠᠮᠵᠢ ᠶᠢ ᠲᠡᠭᠦᠯᠳᠡᠷᠵᠢᠭᠦᠯᠵᠦ᠂ ᠤᠷᠭᠤᠮᠡᠯ ᠤᠨ ᠦᠵᠡᠮᠵᠢ ᠢᠶᠠᠷ ᠭᠤᠤᠯ ᠪᠤᠯᠭᠠᠵᠦ᠂ ᠤᠯᠠᠨ ᠵᠦᠢᠯ ᠤᠨ ᠪᠠᠶᠢᠭᠠᠯᠢ ᠶᠢᠨ ᠴᠡᠴᠡᠷᠯᠢᠭ ᠤᠨ ᠦᠵᠡᠮᠵᠢ ᠶᠢ ᠠᠭᠤᠰᠬᠠᠨ ᠤᠷᠤᠭᠤᠯᠵᠠᠢ᠃

 
ᠢᠷᠡᠯᠲᠡ᠄ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号