ᠬᠠᠨ ᠰᠧᠨ ᠠᠷᠢᠬᠢᠨ ᠦᠢᠯᠡᠳᠪᠦᠷᠢ
ᠨᠡᠶᠢᠲᠡᠯᠡᠭᠰᠡᠨ ᠴᠠᠭ᠄
2018-11-30
     ᠡᠷᠬᠢᠮ ᠳᠡᠭᠡᠳᠤ ᠢᠷᠠᠭᠤ ᠰᠠᠶᠢᠬᠠᠨ ᠬᠠᠨ ᠰᠧᠨ ᠠᠷᠢᠬᠢᠨ ᠦᠢᠯᠡᠳᠪᠦᠷᠢ ᠦᠬᠠᠢ ᠬᠤᠲᠡ ᠶᠢᠨ ᠬᠠᠶᠢᠷᠤᠪ ᠤᠨ ᠲᠤᠬᠤᠢ ᠲᠤᠭᠤᠷᠢᠭ ᠤᠨ ᠦᠨᠳᠤᠷ ᠠᠰᠢᠭᠯᠠᠮᠵᠢᠳᠤ ᠲᠠᠷᠢᠶᠠᠯᠠᠩ ᠤᠨ ᠬᠦᠷᠢᠶᠡᠯᠡᠩ ᠳᠤ ᠪᠠᠶᠢᠷᠢᠯᠠᠵᠦ᠂ ᠦᠬᠠᠢ ᠬᠤᠲᠡ ᠎ ᠶᠢᠨ ᠨᠢᠰᠭᠡᠯ ᠤᠨ ᠪᠠᠭᠤᠳᠠᠯ ᠲᠠᠢ ᠵᠠᠮ ᠠᠯᠤᠰᠯᠠᠨ ᠨᠢᠭᠤᠷᠯᠠᠵᠦ ᠪᠠᠶᠢᠨ᠎ᠠ᠃ 2011ᠤᠨ ᠳᠤ᠂ ᠬᠠᠨ ᠰᠧᠨ ᠠᠷᠢᠬᠢᠨ ᠦᠢᠯᠡᠳᠪᠦᠷᠢ ︽ᠤᠯᠣᠰ ᠤᠨ AAA ᠳᠡᠰ ᠤᠨ ᠵᠢᠭᠤᠯᠴᠢᠯᠠᠯ ᠤᠨ ᠦᠵᠡᠮᠵᠢ ᠶᠢᠨ ᠤᠷᠤᠨ︾ ᠪᠠ ︽ᠪᠦᠬᠦ ᠤᠯᠤᠰ ᠤᠨ ᠵᠤᠭᠠᠴᠠᠯ ᠰᠡᠯᠡᠭᠦᠴᠡᠯ ᠤᠨ ᠲᠠᠷᠢᠶᠠᠯᠠᠩ ᠤᠨ ᠲᠤᠷᠰᠢᠯᠲᠡ ᠶᠢᠨ ᠵᠢᠱᠢᠶ᠎ᠡ ᠦᠵᠡᠭᠦᠯᠬᠦ ᠤᠷᠤᠨ︾ ᠎ ᠢᠶᠠᠷ ᠨᠡᠷᠡᠶᠢᠳᠦᠭᠳᠡᠪᠡ᠃ ᠠᠷᠢᠬᠢᠨ ᠦᠢᠯᠡᠳᠪᠦᠷᠢ ᠤᠨ ᠡᠮᠦᠨ᠎ᠡ ᠡᠪᠡᠰᠦ ᠮᠤᠳᠤ ᠬᠦᠬᠡᠷᠡᠨ᠂ ᠭᠤᠤᠯ ᠭᠤᠷᠤᠬ᠎ᠠ ᠤᠷᠤᠰᠤᠨ᠂ ᠨᠤᠭᠤᠰᠤ ᠭᠠᠯᠠᠭᠤ ᠰᠦᠷᠦᠭᠯᠡᠨ᠂ ᠤᠷᠴᠢᠨ ᠲᠤᠭᠤᠷᠢᠨ ᠨᠢ ᠭᠤᠶᠥ ᠰᠠᠶᠢᠬᠠᠨ᠃ ᠠᠷᠢᠬᠢᠨ ᠦᠢᠯᠡᠳᠪᠦᠷᠢ ᠶᠢᠨ ᠬᠤᠶᠢᠨ᠎ᠠ ᠵᠠᠮ ᠮᠦᠷ ᠰᠦᠯᠵᠢᠯᠳᠤᠨ᠂ ᠤᠯᠤᠰ ᠤᠨ ᠳᠡᠰ ᠤᠨ ᠠᠷᠢᠬᠢ ᠨᠡᠷᠡᠬᠦ ᠦᠵᠤᠮ ᠲᠠᠷᠢᠵᠦ ᠤᠷᠭᠤᠭᠤᠯᠬᠤ ᠰᠠᠭᠤᠷᠢᠨ ᠭᠠᠵᠠᠷ ᠳᠤ ᠹᠷᠠᠨᠼᠢ ᠠᠴᠠ ᠤᠷᠤᠭᠤᠯᠤᠭᠰᠡᠨ ᠠᠷᠪᠠᠨ ᠬᠡᠳᠤᠨ ᠲᠦᠷᠥᠯ ᠤᠨ ᠴᠢᠨᠠᠷ ᠰᠠᠶᠢᠲᠠᠢ ᠦᠵᠤᠮ ᠤᠨ ᠠᠷᠢᠬᠢ ᠨᠡᠷᠡᠬᠦ ᠡᠭᠦᠯᠳᠡᠷ ᠪᠠᠶᠢᠨ᠎ᠠ᠃ ᠠᠳᠡ ᠲᠤᠭᠤᠷᠢᠨ ᠦᠵᠡᠬᠦ᠂ ᠦᠵᠡᠰᠭᠦᠯᠡᠩᠳᠤ ᠰᠠᠶᠢᠬᠠᠨ ᠡᠯᠡᠰᠦᠨ ᠴᠦᠯ ᠳᠠᠬᠢ ᠨᠤᠭᠤᠭᠠᠨ ᠪᠦᠷᠢᠳᠤ ᠶᠢᠨ ᠦᠵᠡᠮᠵᠢ ᠪᠠ ᠦᠵᠤᠮ ᠤᠨ ᠠᠷᠢᠬᠢ ᠨᠡᠷᠡᠬᠦ ᠶᠠᠪᠤᠴᠠ ᠶᠢ ᠰᠤᠨᠢᠷᠬᠠᠬᠤ ᠪᠠᠷ ᠪᠠᠷᠠᠬᠤ ᠦᠭᠡᠢ ᠪᠠᠰᠠ ᠦᠵᠤᠮ ᠲᠠᠷᠢᠵᠦ ᠤᠷᠭᠤᠭᠤᠯᠬᠤ ᠶᠢ ᠤᠶᠢᠯᠠᠭᠠᠨ᠂ ᠰᠠᠶᠢᠨ ᠠᠷᠢᠬᠢ ᠶᠢ ᠠᠮᠳᠠᠯᠡᠨ ᠢᠯᠭᠠᠨ᠎ᠠ᠃      ᠬᠠᠨ ᠰᠧᠨ ᠭᠠᠵᠠᠷ ᠲᠤᠤᠷᠠᠬᠢ ᠠᠷᠢᠬᠢᠨ ᠵᠤᠭᠤᠷᠢ ᠤᠨ ᠲᠠᠯᠠᠪᠠᠢ ᠨᠢ 3000 m2᠎ ᠳᠤ ᠬᠦᠷᠴᠦ᠂ ᠡᠭᠦᠨ ᠎ ᠳᠤ ᠠᠷᠢᠬᠢ ᠬᠠᠳᠠᠭᠠᠯᠠᠬᠤ ᠤᠷᠤᠨ ᠳᠤ ᠪᠠᠶᠢᠩᠭᠤ 2000 ᠢᠯᠡᠭᠦᠤ ᠭᠠᠳᠠᠭᠠᠳᠤ ᠠᠴᠠ ᠤᠷᠤᠭᠤᠯᠬᠤ ᠴᠠᠷᠠᠰᠤᠨ ᠮᠤᠳᠤᠨ ᠰᠠᠭᠤᠯᠭ᠎ᠠ ᠪᠡᠯᠡᠳᠭᠡᠵᠦ᠂ ᠠᠷᠢᠬᠢ ᠬᠠᠳᠠᠭᠠᠯᠠᠬᠤ ᠴᠢᠳᠠᠪᠤᠷᠢ ᠨᠢ 500 ᠲᠤᠨ ᠬᠦᠷᠴᠠᠢ᠃ VIP ᠠᠷᠢᠬᠢ ᠬᠠᠳᠠᠭᠠᠯᠠᠬᠤ ᠤᠷᠤᠨ ᠳᠤ ᠬᠡᠷᠡᠭᠯᠡᠭᠴᠢᠳ ᠤᠨ ᠬᠡᠷᠡᠭᠴᠡᠭᠡ ᠱᠠᠭᠠᠷᠳᠠᠯᠭ᠎ᠠ ᠶᠢ ᠦᠨᠳᠤᠰᠦᠯᠡᠵᠦ᠂ ᠠᠳᠠᠯᠢ ᠪᠤᠰᠤ ᠤᠨ ᠵᠢᠯ ᠤᠨ ᠰᠤᠳᠤᠨ ᠠᠷᠢᠬᠢ ᠶᠢ ᠬᠠᠳᠠᠭᠠᠯᠠᠵᠦ ᠪᠠᠶᠢᠳᠠᠭ᠃ ᠭᠠᠵᠠᠷ ᠳᠤᠤᠷᠠᠬᠢ ᠠᠷᠢᠬᠢᠨ ᠵᠤᠭᠤᠷᠢ ᠶᠢ ᠲᠦᠷᠦᠭᠦᠤ ᠠᠷᠢᠬᠢ ᠨᠡᠷᠡᠭᠴᠢ ᠬᠠᠷᠢᠭᠤᠴᠠᠨ ᠬᠠᠮᠢᠶᠠᠷᠤᠨ᠎ᠠ᠃ ᠵᠤᠭᠤᠷᠢ ᠶᠢᠨ ᠡᠩ ᠤᠨ ᠲᠤᠯᠠᠭᠠᠨ ᠤ ᠬᠡᠮᠵᠢᠶ᠎ᠡ ᠶᠢ 16 —20℃ ᠬᠤᠭᠤᠷᠤᠨᠳᠤ ᠪᠠᠳᠤᠯᠠᠵᠦ᠂ ᠬᠠᠷᠢᠴᠠᠩᠭᠤᠢ ᠴᠢᠬᠢᠭ ᠤᠨ ᠬᠡᠮᠵᠢᠶ᠎ᠡ ᠶᠢ 50 —70%᠎ ᠳᠤ ᠬᠢᠵᠠᠭᠠᠷᠯᠠᠵᠦ᠂ ᠭᠡᠷᠡᠯ ᠤᠨ ᠲᠤᠰᠤᠯᠲᠠ ᠲᠤᠬᠢᠷᠠᠮᠵᠢᠲᠠᠢ᠂ ᠤᠶᠠᠬᠠᠨ ᠵᠦᠭᠡᠯᠡᠨ ᠠᠷᠤ ᠦᠵᠡᠭᠳᠡᠯ ᠤᠨ ᠬᠦᠭᠵᠢᠮ ᠬᠠᠪᠰᠤᠷᠭᠠᠵᠦ᠂ ᠦᠵᠤᠮ ᠤᠨ ᠠᠷᠢᠬᠢᠨ ᠤ ᠪᠤᠯᠪᠠᠰᠤᠷᠠᠬᠤ ᠳᠤ ᠠᠰᠢᠭᠲᠠᠢ᠃ ᠦᠨᠤ ᠬᠠᠨ ᠰᠧᠨ ᠠᠷᠢᠬᠢᠨ ᠦᠢᠯᠡᠳᠪᠦᠷᠢ ᠶᠢᠨ ᠵᠢᠯ ᠤᠨ ᠦᠢᠯᠡᠳᠪᠦᠷᠢᠯᠡᠯ ᠤᠨ ᠴᠢᠳᠠᠪᠤᠷᠢ ᠨᠢ 2 ᠲᠦᠮᠡᠨ ᠳᠤᠨ᠂ ᠦᠪᠤᠷ ᠮᠤᠩᠭᠤᠯ ᠤᠨ ᠬᠠᠮᠤᠭ ᠶᠡᠭᠡ ᠦᠵᠤᠮ ᠤᠨ ᠠᠷᠢᠬᠢ ᠦᠢᠯᠡᠳᠪᠦᠷᠢᠯᠡᠬᠦ ᠠᠵᠦ ᠠᠬᠤᠶᠢᠯᠠᠯ᠃ ᠬᠠᠨ ᠰᠧᠨ ᠠᠷᠢᠬᠢᠨ ᠦᠢᠯᠡᠳᠪᠦᠷᠢ ᠎ ᠶᠢᠨ ᠰᠢᠨ᠎ᠡ ᠤᠷᠤᠭᠤᠯᠤᠭᠰᠡᠨ ᠭᠢᠯᠪᠠᠭᠠᠳᠤ ᠨᠡᠷᠡᠯᠲᠡ ᠶᠢᠨ ᠳᠠᠷᠠᠭ᠎ᠠ ᠢᠰᠭᠡᠯᠲᠡ ᠶᠢᠨ ᠠᠵᠦ ᠤᠷᠠᠯᠠᠯ ᠨᠢ ᠤᠳᠤᠬᠠᠨ ᠎ ᠳᠤ ᠳᠡᠯᠡᠬᠡᠢ ᠳᠡᠭᠡᠷ᠎ᠡ ᠬᠠᠮᠤᠭ ᠤᠨ ᠲᠡᠷᠢᠭᠦᠨ ᠤ ᠦᠵᠤᠮ ᠤᠨ ᠠᠷᠢᠬᠢ ᠨᠡᠷᠡᠬᠦ ᠤᠷ᠎ᠠ ᠮᠡᠷᠭᠡᠵᠢᠯ ᠪᠤᠯᠤᠨ᠎ᠠ᠃ ᠠᠷᠢᠬᠢ ᠨᠡᠷᠡᠬᠦ ᠳᠤ ᠦᠵᠤᠮ ᠤᠨ ᠠᠷᠠᠰᠦ ᠶᠢ ᠭᠱᠠᠨ ᠵᠠᠭᠤᠷ᠎ᠠ ᠳᠠᠷᠤᠯᠲᠠ ᠪᠠᠭᠤᠷᠠᠭᠤᠯᠵᠦ ᠬᠡᠮᠬᠡᠯᠡᠭᠡᠳ ᠨᠠᠷᠢᠨ ᠮᠦᠬᠦᠯᠢᠭᠳᠦ ᠪᠤᠯᠭᠠᠨᠰᠡᠨ ᠲᠤᠯᠠ ᠡᠭᠦᠨ ᠤ ᠤᠯᠠᠮ ᠠᠴᠠ ᠵᠤᠩᠭᠢᠯᠠᠬᠤ ᠲᠤᠭᠠᠨ ᠤ ᠪᠦᠷᠢᠯᠳᠤᠭᠦᠨ ᠬᠡᠰᠡᠭ ᠢ ᠲᠠᠯᠪᠢᠨ ᠭᠠᠷᠭᠠᠵᠦ ᠨᠡᠩ ᠰᠢᠮ᠎ᠡ ᠲᠡᠵᠢᠭᠡᠯ ᠪᠠᠶᠠᠯᠢᠭ ᠠᠷᠢᠬᠢᠨ ᠪᠡᠶ᠎ᠡ ᠶᠢ ᠦᠢᠯᠳᠪᠦᠷᠢᠯᠡᠵᠦ ᠭᠠᠷᠭᠠᠨ᠎ᠠ᠃

 
ᠢᠷᠡᠯᠲᠡ᠄ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号