ᠠᠯᠲᠠᠨ ᠰᠢᠷᠭᠠᠯ ᠡᠯᠡᠰᠤᠨ ᠲᠤᠬᠤᠢ ᠠᠮᠢ ᠠᠬᠤᠢ ᠶᠢᠨ ᠵᠤᠭᠠᠴᠠᠯ ᠤᠨ ᠤᠷᠤᠨ 2002 ᠤᠨ ᠤ 4 ᠳ᠋ᠤᠭᠡᠷ | ᠰᠠᠷ᠎ᠠ ᠳᠤ ᠪᠠᠶᠢᠭᠤᠯᠤᠭᠳᠠᠵᠦ᠂ 2012 ᠤᠨ ᠤ ᠵᠢᠯ ᠤᠨ ᠰᠡᠭᠦᠯᠴᠢ ᠳᠤ ᠤᠯᠤᠰ ᠤᠨ 4A ᠳᠡᠰ ᠤᠨ | ᠵᠢᠭᠤᠯᠴᠢᠯᠠᠯ ᠤᠨ ᠦᠵᠡᠮᠵᠢ ᠶᠢᠨ ᠤᠷᠤᠨ ᠢᠶᠠᠷ ᠦᠨᠡᠯᠡᠭᠳᠡᠪᠡ᠃ ᠬᠠᠶᠢᠷᠤᠪ ᠤᠨ ᠲᠤᠬᠤᠢ ᠲᠤᠭᠤᠷᠢᠭ ᠤᠨ ᠬᠤᠶᠢᠨ᠎ᠠ | 11 ᠺᠢᠯᠤᠮᠧᠲᠷ ᠳᠤ ᠪᠠᠶᠢᠷᠢᠯᠠᠵᠦ ᠪᠤᠢ᠂ 3.5 ᠲᠦᠮᠡᠨ ᠮᠤ᠋ ᠭᠠᠵᠠᠷ ᠡᠵᠡᠯᠡᠵᠦ᠂ ᠦᠬᠠᠢ ᠶᠢᠨ ᠨᠢᠰᠭᠡᠯ ᠤᠨ | ᠪᠠᠭᠤᠳᠠᠯ ᠠᠴᠠ ᠵᠦᠪᠬᠡᠨ 3 ᠺᠢᠯᠤᠮᠧᠲᠷ ᠵᠠᠶᠢᠲᠠᠢ᠃ ᠡᠯᠡᠰᠤᠨ ᠲᠤᠬᠤᠢ ᠲᠤᠳᠤᠷ᠎ᠠ ᠡᠮᠦᠨ᠎ᠡ ᠤᠮᠠᠷ᠎ᠠ ᠬᠤᠶᠠᠷ | ᠡᠯᠡᠰᠤᠨ ᠠᠭᠤᠯᠠ ᠨᠢ ᠬᠠᠷᠢᠯᠴᠠᠨ ᠪᠠᠷᠠᠯᠠᠵᠦ᠂ ᠶᠠᠭ ᠯᠤᠤ ᠴᠠᠭᠠᠷᠢᠭᠯᠠᠨ ᠪᠠᠷᠰ ᠤᠴᠤᠶᠢᠬᠤ ᠮᠡᠳᠤ᠃ ᠵᠡᠭᠦᠨ ᠬᠡᠰᠡᠭ | ᠤᠨ ᠡᠯᠡᠰᠤᠨ ᠠᠭᠤᠯᠠ ᠬᠠᠮᠤᠭ ᠦᠨᠳᠤᠷ ᠭᠠᠵᠠᠷ ᠨᠢ156 ᠮᠧᠲᠷ ᠳᠤ ᠬᠦᠷᠴᠦ᠂ ᠡᠯᠡᠰᠤᠨ ᠠᠭᠤᠯᠠ᠂ ᠡᠯᠡᠰᠤᠨ | ᠬᠤᠳᠤᠭᠤᠷ ᠤᠨ ᠬᠡᠯᠪᠡᠷᠢ ᠨᠢ ᠪᠤᠳᠤᠯᠢᠶᠠᠨᠲᠠᠢ᠂ ᠡᠯᠡᠰᠤ᠂ ᠠᠭᠤᠯᠠ᠂ ᠤᠰᠤ ᠨᠢᠭᠡ ᠴᠤᠭᠴᠠ ᠪᠤᠯᠭᠠᠭᠰᠡᠨ ᠲᠤᠮᠦ | ᠬᠡᠯᠪᠡᠷᠢ ᠶᠢᠨ ᠠᠮᠢ ᠠᠬᠤᠢ ᠶᠢᠨ ᠵᠤᠭᠠᠴᠠᠯ ᠤᠨ ᠤᠷᠤᠨ᠃ | ᠵᠤᠭᠠᠴᠠᠯ ᠤᠨ ᠤᠷᠤᠨ ᠤ ᠪᠦᠳᠤᠭᠡᠨ ᠪᠠᠶᠢᠭᠤᠯᠤᠯᠲᠡ ᠶᠢᠨ ᠬᠠᠷᠠᠯᠲᠡ ᠪᠤᠯ ᠡᠯᠡᠰᠦ᠂ ᠠᠭᠤᠯᠠ᠂ ᠤᠰᠤ᠂ | ᠤᠢ ᠰᠢᠭᠤᠢ᠂ ᠠᠮᠢ ᠠᠬᠤᠢ ᠶᠢᠨ ᠵᠠᠰᠠᠯᠲᠠ᠂ ᠰᠡᠯᠡᠭᠦᠴᠡᠯ ᠤᠨ ᠪᠡᠶᠡᠴᠢ ᠤᠶᠢᠯᠠᠭᠠᠯᠲᠡ᠂ ᠵᠠᠩ ᠦᠢᠯᠡ ᠶᠢᠨ | ᠦᠵᠡᠭᠦᠯᠦᠯᠭᠡ᠂ ᠬᠡᠬᠡᠷ᠎ᠡ ᠶᠢᠨ ᠠᠮᠢᠳᠠᠨ ᠤᠷᠭᠤᠮᠠᠯ ᠤᠨ ᠰᠤᠳᠤᠯᠤᠯ᠂ ᠬᠦᠳᠡᠭᠡ ᠠᠶᠢᠯ ᠤᠨ ᠬᠤᠭᠤᠯᠠ ᠤᠮᠳᠠ᠂ | ᠲᠠᠷᠢᠵᠦ ᠲᠡᠵᠢᠭᠡᠬᠦ ᠶᠢᠨ ᠵᠢᠱᠢᠶ᠎ᠡ ᠦᠵᠡᠭᠦᠯᠬᠦ ᠪᠤᠯᠤᠨ ᠲᠤᠭᠤᠷᠢᠨ ᠦᠵᠡᠬᠦ ᠵᠤᠭᠠᠴᠠᠯ ᠢ ᠨᠢᠭᠡ ᠴᠤᠭᠴᠠᠵᠢᠭᠤᠯᠤᠭᠰᠡᠨ | ᠲᠤᠮᠦ ᠬᠡᠯᠪᠡᠷᠢ ᠶᠢᠨ ᠠᠮᠢ ᠠᠬᠤᠢ ᠶᠢᠨ ᠵᠤᠭᠠᠴᠠᠯ ᠤᠨ ᠤᠷᠤᠨ᠃ ᠤᠳᠤ ᠨᠢᠭᠡᠨᠲᠡ ᠪᠠᠶᠢᠭᠤᠯᠵᠦ ᠳᠠᠭᠤᠰᠤᠭᠰᠡᠨ | ᠤᠨᠴᠠᠯᠢᠭ ᠪᠦᠬᠦᠢ ᠢᠳᠡᠭᠡᠨ ᠤᠮᠳᠠᠭᠠᠨ ᠤ ᠰᠤᠶᠤᠯ ᠤᠨ ᠰᠤᠯᠠ ᠰᠡᠯᠡᠭᠦᠤ ᠠᠮᠠᠷᠠᠯᠲᠠ ᠶᠢᠨ ᠤᠷᠤᠨ᠂ ᠦᠵᠤᠮ ᠤᠨ | ᠬᠦᠷᠢᠶᠡᠯᠡᠩ ᠲᠤᠭᠤᠷᠢᠨ ᠦᠵᠡᠬᠦ᠂ ᠲᠡᠭᠦᠭᠦ ᠤᠷᠤᠨ᠂ ᠡᠯᠡᠰᠤᠨ ᠴᠦᠯ ᠰᠡᠯᠡᠭᠦᠴᠡᠯ ᠵᠤᠭ᠎ᠠ ᠴᠡᠩᠬᠡᠯ ᠤᠨ ᠤᠷᠤᠨ᠂ | ᠦᠵᠡᠮᠤᠷᠢ ᠶᠢᠨ ᠡᠪᠡᠰᠦ ᠮᠤᠳᠤ ᠴᠡᠴᠡᠭ ᠲᠠᠷᠢᠬᠤ ᠰᠠᠭᠤᠷᠢᠨ ᠭᠠᠵᠠᠷ ᠵᠡᠷᠭᠡ5 ᠶᠡᠭᠡ ᠴᠢᠳᠠᠮᠵᠢᠳᠤ ᠤᠷᠤᠨ ᠪᠠᠶᠢᠨ᠎ᠠ᠃ | | | | | | | | | | |