ᠯᠦᠩ ᠶᠢᠤ ᠸᠠᠨ ᠨᠤᠭᠤ ᠭᠠᠵᠠᠷ ᠤᠨ ᠴᠡᠴᠡᠷᠯᠢᠭ ᠦᠬᠠᠢ ᠬᠤᠲᠡ ᠶᠢᠨ ᠲᠤᠭᠤᠷᠢᠭ ᠤᠨ ᠪᠠᠷᠠᠭᠤᠨ ᠬᠡᠰᠡᠭ | ᠳᠤ ᠪᠠᠶᠢᠷᠢᠯᠠᠵᠦ᠂ ᠬᠠᠶᠢᠷᠤᠪ ᠤᠨ ᠲᠤᠬᠤᠢ ᠲᠤᠭᠤᠷᠢᠭ ᠲᠠᠢ ᠨᠢᠭᠤᠷᠯᠠᠵᠦ᠂ ᠵᠡᠭᠦᠨ ᠲᠠᠯ᠎ᠠ ᠳᠠᠭᠠᠨ 110 ᠤᠯᠤᠰ | ᠤᠨ ᠵᠠᠮ᠂ ᠪᠤᠤ ᠯᠠᠨ ᠲᠡᠮᠤᠷ ᠵᠠᠮ ᠪᠤᠯᠤᠨ ᠵᠢᠩ ᠽᠠᠩ ᠦᠨᠳᠤᠷ ᠬᠤᠷᠳᠤᠴᠠᠳᠤ ᠵᠠᠮ ᠲᠠᠢ ᠲᠦᠰᠢᠯᠴᠠᠵᠦ᠂ ᠵᠤᠰᠤᠳᠤ | ᠶᠢᠨ ᠠᠭᠤᠯᠠ ᠲᠠᠢ ᠤᠶᠢᠷᠠᠳᠤᠨ᠂ ᠪᠠᠷᠠᠭᠤᠨᠰᠢ ᠬᠠᠳᠤᠨ ᠭᠤᠣᠯ ᠪᠤᠯᠤᠨ ᠤᠯᠠᠭᠠᠨᠪᠤᠬ᠎ᠠ ᠡᠯᠡᠰᠦᠨ ᠴᠦᠯ ᠲᠠᠢ | ᠵᠠᠯᠭᠠᠯᠳᠤᠵᠠᠢ᠃ ᠨᠤᠭᠤ ᠭᠠᠵᠠᠷ ᠤᠨ ᠴᠡᠴᠡᠷᠯᠢᠭ ᠡᠮᠦᠨ᠎ᠡ ᠬᠤᠶᠢᠨ᠎ᠠ ᠴᠢᠭᠯᠡᠯ ᠲᠠᠢ᠂ ᠡᠮᠦᠨ᠎ᠡ ᠬᠤᠶᠢᠨ᠎ᠠ ᠪᠦᠬᠦ ᠤᠷᠳᠤ | ᠨᠢ ᠪᠠᠷᠤᠭ 7800 ᠮᠧᠲᠷ᠂ ᠬᠠᠮᠤᠭ ᠦᠷᠭᠡᠨ ᠭᠠᠵᠠᠷ ᠳᠠᠭᠠᠨ 2530 ᠮᠧᠲᠷ᠂ ᠬᠠᠮᠤᠭ ᠢᠪᠴᠤᠤ ᠭᠠᠵᠠᠷ | ᠳᠠᠭᠠᠨ 630 ᠮᠧᠲᠷ᠂ ᠶᠡᠷᠤᠩᠬᠡᠢ ᠲᠠᠯᠠᠪᠠᠢ ᠨᠢ 11 km2᠂ ᠤᠰᠤᠨ ᠤᠷᠤᠨ ᠤ ᠲᠠᠯᠠᠪᠠᠢ ᠨᠢ 6.8 km2 ︵ | ᠬᠠᠭᠰᠠᠷᠠᠭ᠎ᠠ ᠬᠤᠭᠤᠴᠠᠭ᠎ᠠ︶᠂ ᠤᠷᠭᠤᠮᠡᠯ ᠤᠨ ᠬᠤᠴᠢᠯᠭ᠎ᠠ ᠶᠢᠨ ᠨᠤᠷᠮ᠎ᠠ ᠨᠢ 90% ᠠᠴᠠ ᠳᠡᠭᠡᠭᠰᠢ ᠪᠠᠶᠢᠵᠦ᠂ | ᠬᠠᠳᠤᠨ ᠭᠤᠤᠯ ᠤᠨ ᠤᠰᠤᠨ ᠤ ᠨᠡᠪᠴᠢᠯᠲᠡ ᠠᠴᠠ ᠪᠤᠢ ᠪᠤᠯᠵᠦ᠂ ᠶᠡᠷᠤᠩᠬᠡᠢ ᠲᠠᠯᠠᠪᠠᠢ ᠨᠢ 1.6 ᠲᠦᠮᠡᠨ ᠮᠤ᠋᠃ | ᠯᠦᠩ ᠶᠢᠤ ᠸᠠᠨ ᠨᠤᠭᠤ ᠭᠠᠵᠠᠷ ᠪᠤᠯ ᠬᠤᠪᠤᠷ ᠴᠤᠬᠠᠭ ᠬᠤᠲᠡ ᠶᠢᠨ ᠳᠤᠮᠳᠠᠬᠢ ᠡᠭᠦᠰᠦᠮᠡᠯ ᠨᠤᠶᠢᠲᠡᠨ | ᠭᠠᠵᠠᠷ᠂ ᠠᠳᠡ ᠠᠮᠢ ᠠᠬᠤᠢ ᠶᠢᠨ ᠡᠬᠢ ᠪᠠᠶᠠᠯᠢᠭ ᠡᠯᠪᠡᠭ ᠳᠡᠯᠪᠡᠭ᠂ ᠶᠡᠭᠡ ᠪᠠᠭ᠎ᠠ ᠨᠤᠭᠤᠭᠠᠨ ᠪᠦᠷᠢᠳᠤ ᠪᠠ | ᠡᠯᠡᠰᠦᠨ ᠴᠦᠯ ᠬᠠᠷᠢᠯᠴᠠᠨ ᠭᠠᠶᠢᠬᠠᠮᠰᠢᠭᠳᠤ ᠵᠤᠬᠢᠴᠠᠯᠳᠤᠵᠦ᠂ ᠤᠰᠤ ᠬᠦᠷᠦᠰᠦ ᠬᠤᠯᠪᠤᠯᠳᠤᠨ᠂ ᠤᠷᠳᠤ ᠮᠦᠷᠡᠨ | ᠤ ᠤᠯᠠᠪᠢᠷ ᠲᠤᠶᠠᠭ᠎ᠠ᠂ ᠡᠵᠡᠭᠦᠢ ᠡᠯᠡᠰᠤᠨ ᠤ ᠦᠨᠢᠶᠡᠷ ᠬᠦᠳᠡᠩ ᠵᠡᠷᠭᠡ ᠤᠤᠯ ᠤᠨ ᠤᠷᠴᠢᠨ ᠠᠬᠤᠢ ᠶᠢᠨ | ᠦᠪᠡᠷᠮᠢᠴᠡ ᠦᠵᠡᠮᠵᠢ ᠶᠢ ᠪᠦᠷᠢᠯᠳᠤᠭᠦᠯᠵᠠᠢ᠃ | ᠯᠦᠩ ᠶᠢᠤ ᠸᠠᠨ ᠨᠤᠭᠤ ᠭᠠᠵᠠᠷ ᠤᠨ ᠴᠡᠴᠡᠷᠯᠢᠭ ᠪᠤᠯ ᠦᠬᠠᠢ ᠬᠤᠲᠡ ᠶᠢᠨ ᠭᠤᠤᠯᠳᠠᠯᠭ᠎ᠠ ᠲᠠᠢ ᠪᠦᠲᠤᠭᠡᠨ | ᠪᠠᠶᠢᠭᠤᠯᠤᠯᠲᠡ ᠶᠢᠨ ᠲᠦᠷᠦᠯ ᠵᠦᠢᠯ ᠪᠤᠯᠤᠨ᠎ᠠ᠂ ᠯᠦᠩ ᠶᠢᠤ ᠸᠠᠨ ᠨᠤᠭᠤ ᠭᠠᠵᠠᠷ ᠤᠨ ᠴᠡᠴᠡᠷᠯᠢᠭ ᠤᠨ ᠪᠦᠲᠤᠭᠡᠨ | ᠪᠠᠶᠢᠭᠤᠯᠤᠯᠲᠡ ᠶᠢᠨ ᠤᠷᠤᠨ ᠢ ᠨᠡᠶᠢᠲᠡ 5 ᠬᠡᠰᠡᠭ ᠪᠤᠯᠭᠠᠨ ᠪᠠᠶᠢᠭᠤᠯᠤᠨ᠎ᠠ᠂ ᠲᠤᠰᠪᠦᠷᠢ ᠰᠡᠷᠭᠦᠭᠡᠨ ᠳᠠᠬᠢᠨ | ᠪᠠᠶᠢᠭᠤᠯᠬᠤ ᠤᠷᠤᠨ᠂ ᠨᠤᠶᠢᠲᠡᠨ ᠭᠠᠵᠠᠷ ᠤᠨ ᠬᠠᠳᠠᠭᠠᠯᠠᠮᠵᠢ ᠶᠢᠨ ᠤᠷᠤᠨ᠂ ᠵᠦᠢ ᠵᠤᠬᠢᠰᠲᠠᠢ ᠠᠰᠢᠭᠯᠠᠬᠤ ᠤᠷᠤᠨ᠂ | ᠰᠤᠷᠳᠠᠯ ᠤᠬᠠᠭᠤᠯᠭ᠎ᠠ ᠰᠤᠷᠭᠠᠨ ᠬᠦᠮᠦᠵᠢᠯ ᠤᠨ ᠳᠡᠯᠭᠡᠨ ᠦᠵᠡᠭᠦᠯᠬᠦ ᠤᠷᠤᠨ᠂ ᠨᠤᠭᠤ ᠭᠠᠵᠠᠷ ᠤᠨ ᠬᠠᠮᠠᠭᠠᠯᠠᠯᠲᠠ | ᠶᠢᠨ ᠤᠷᠤᠨ ᠪᠤᠯᠤᠨ᠎ᠠ᠃ 2013 ᠤᠨ ᠤ 4 ᠳ᠋ᠤᠭᠡᠷ ᠰᠠᠷ᠎ᠠ ᠶᠢᠨ 19 ᠤ ᠡᠳᠤᠷ ᠬᠤᠲᠡ ᠶᠢᠨ ᠬᠦᠭᠵᠢᠭᠦᠯᠦᠯᠲᠡ | ᠪᠠ ᠦᠭᠡᠷᠡᠴᠢᠯᠡᠯᠲᠡ ᠶᠢᠨ ᠵᠦᠪᠯᠡᠯ ᠠᠴᠠ ᠲᠤᠰ ᠲᠦᠷᠦᠯ ᠵᠦᠢᠯ ᠳᠤ ᠴᠤᠬᠤᠯᠠᠪᠦᠷᠢᠯᠠᠨ ᠲᠦᠰᠤᠯ ᠲᠤᠭᠳᠠᠭᠠᠵᠦ᠂ | 2013 ᠤᠨ ᠤ 6 ᠳ᠋ᠤᠭᠠᠷ ᠰᠠᠷ᠎ᠠ ᠶᠢᠨ 26 ᠤ ᠡᠳᠤᠷ ᠠᠴᠠ ᠡᠬᠢᠯᠡᠨ ᠵᠢᠩᠬᠢᠨᠢ ᠪᠠᠷ ᠠᠵᠢᠯ ᠡᠬᠢᠯᠡᠭᠦᠯᠦᠨ | ᠪᠦᠳᠤᠭᠡᠨ ᠪᠠᠶᠢᠭᠤᠯᠵᠠᠢ᠃ | ᠭᠦᠭᠵᠢᠯᠲᠡ ᠶᠢᠨ ᠬᠠᠨᠳᠤᠰᠢ ᠪᠠ ᠪᠠᠶᠢᠷᠢᠰᠢᠭᠤᠯᠤᠯᠲᠠ᠄ ᠠᠮᠢ ᠠᠬᠤᠢ ᠶᠢᠨ ᠬᠠᠮᠠᠭᠠᠯᠠᠯᠲᠠ᠂ ᠬᠤᠳᠠᠯᠳᠤᠭᠠᠨ | ᠤ ᠶᠠᠪᠤᠳᠠᠯ ᠤᠨ ᠰᠡᠯᠡᠭᠦᠴᠡᠯ ᠪᠤᠯᠤᠨ ᠡᠯᠡᠰᠤᠨ ᠴᠦᠯ ᠳᠠᠬᠢ ᠨᠤᠭᠤᠭᠠᠨ ᠪᠦᠷᠢᠳᠤ ᠪᠠᠷ ᠭᠤᠤᠯ ᠰᠡᠳᠤᠪ ᠪᠤᠯᠭᠠᠨ᠂ | 110 ᠤᠯᠤᠰ ᠤᠨ ᠵᠠᠮ ᠳᠠᠭᠠᠤ ᠦᠵᠡᠮᠵᠢ ᠶᠢᠨ ᠪᠦᠰᠡ᠂ ᠬᠠᠳᠤᠨ ᠭᠤᠤᠯ ᠳᠠᠭᠠᠤ ᠤᠨᠴᠠᠯᠢᠭ ᠪᠦᠬᠦᠢ ᠠᠮᠠᠷᠠᠬᠤ | ᠡᠷᠬᠢ ᠬᠠᠰᠢᠯᠭ᠎ᠠ ᠬᠠᠮᠠᠭᠠᠯᠠᠬᠤ ᠪᠦᠰᠡ᠂ ᠠᠩᠬᠠᠨ ᠤ ᠠᠮᠢ ᠠᠬᠤᠢ ᠶᠢᠨ ᠨᠤᠭᠤ ᠭᠠᠵᠠᠷ ᠢ ᠭᠤᠤᠯ ᠬᠠᠮᠠᠭᠠᠯᠠᠬᠤ | ᠤᠷᠤᠨ᠂ ᠬᠦᠳᠡᠭᠡ ᠬᠡᠬᠡᠷ᠎ᠡ ᠶᠢᠨ ᠦᠵᠡᠮᠵᠢ ᠶᠢ ᠪᠡᠶ᠎ᠡ ᠪᠠᠷ ᠢᠶᠠᠨ ᠤᠶᠢᠯᠠᠭᠠᠬᠤ ᠤᠷᠤᠨ᠂ ᠨᠤᠭᠤ ᠭᠠᠵᠠᠷ ᠤᠨ ᠰᠤᠯᠠ | ᠰᠡᠯᠡᠭᠦᠤ ᠠᠮᠠᠷᠠᠯᠲᠠ ᠶᠢᠨ ᠤᠷᠤᠨ᠂ ᠤᠷᠠᠯᠢᠭ ᠤᠨ ᠰᠠᠭᠤᠷᠢᠰᠢᠯ ᠤᠨ ᠤᠷᠤᠨ ᠪᠠ ᠬᠤᠳᠠᠯᠳᠤᠭᠠᠨ ᠤ ᠠᠮᠠᠷᠠᠯᠲᠠ ᠶᠢᠨ | ᠤᠷᠤᠨ ᠵᠡᠷᠭᠡ ᠶᠢ ᠭᠤᠤᠯᠳᠠᠯᠭ᠎ᠠ ᠲᠠᠢ ᠨᠡᠬᠡᠬᠡᠨ ᠬᠦᠭᠵᠢᠭᠦᠯᠵᠦ᠂ ᠪᠦᠬᠦᠯᠢ ᠴᠤᠭᠴᠠ ᠶᠢᠨ ᠲᠦᠷᠦᠯ ᠵᠦᠢᠯ ᠢ ᠬᠤᠲᠡ | ᠠᠴᠠ ᠪᠠᠶᠢᠭᠠᠯᠢ ᠶᠢᠨ ᠲᠠᠷᠬᠠᠯᠲᠠ ᠵᠦᠭ ᠰᠢᠯᠵᠢᠬᠦ ᠶᠠᠪᠤᠴᠠ ᠶᠢᠨ ᠶᠤᠰᠤᠭᠠᠷ ᠪᠦᠲᠦᠭᠡᠨ ᠪᠠᠶᠢᠭᠤᠯᠵᠦ᠂ ᠠᠮᠢ ᠠᠬᠤᠢ | ᠶᠢᠨ ᠬᠠᠮᠠᠭᠠᠯᠠᠯᠲᠠ᠂ ᠬᠤᠳᠠᠯᠳᠤᠭᠠᠨ ᠤ ᠶᠠᠪᠤᠳᠠᠯ ᠤᠨ ᠰᠡᠯᠡᠭᠦᠴᠡᠯ ᠪᠤᠯᠤᠨ ᠡᠯᠡᠰᠤᠨ ᠴᠦᠯ ᠳᠠᠬᠢ ᠨᠤᠭᠤᠭᠠᠨ | ᠪᠦᠷᠢᠳᠤ ᠪᠠᠷ ᠭᠤᠤᠯ ᠰᠡᠳᠤᠪ ᠪᠤᠯᠭᠠᠨ᠂ ᠤᠯᠤᠰ ᠤᠨ ᠠᠮᠢ ᠠᠬᠤᠢ ᠶᠢᠨ ᠵᠢᠭᠤᠯᠴᠢᠯᠠᠯ ᠤᠨ ᠵᠢᠱᠢᠶ᠎ᠡ ᠦᠵᠡᠭᠦᠯᠬᠦ | ᠤᠷᠤᠨ ᠢ ᠢᠳᠡᠪᠬᠢᠲᠠᠢ ᠡᠭᠦᠳᠤᠨ᠎ᠡ᠃ | | | | | | |