ᠤᠳᠤ ᠦᠶ᠎ᠡ ᠶᠢᠨ ᠳᠤᠮᠳᠠᠳᠤ ᠤᠯᠤᠰ ᠤᠨ ᠤᠷᠠᠨ ᠪᠢᠴᠢᠯᠭᠡ ᠶᠢᠨ ᠤᠷᠠᠯᠢᠭ ᠤᠨ ᠤᠷᠳᠤᠨ ᠦᠪᠤᠷ ᠮᠤᠩᠭᠤᠯ | ᠤᠨ ᠦᠬᠠᠢ ᠬᠤᠲᠡ ᠶᠢᠨ ᠪᠢᠨ ᠾᠧ ᠲᠤᠭᠤᠷᠢᠭ ᠤᠨ ᠰᠢᠤᠸᠠᠢ ᠹᠦ᠋ ᠵᠡᠭᠡᠯᠢ ᠶᠢᠨ ᠬᠤᠶᠢᠨ᠎ᠠ ᠪᠠᠶᠢᠷᠢᠯᠠᠵᠦ᠂ 160.5 | ᠮᠤ᠋ ᠭᠠᠵᠠᠷ ᠡᠵᠡᠯᠡᠨ᠂ ᠪᠠᠶᠢᠭᠤᠯᠤᠭᠰᠡᠨ ᠲᠠᠯᠠᠪᠠᠢ ᠨᠢ 7.6 ᠲᠦᠮᠡᠨ ᠺᠦᠸᠠᠳ᠋ ᠮᠧᠲᠷ᠂ 2009 ᠤᠨ ᠳᠤ | ᠲᠦᠯᠦᠪᠯᠡᠨ ᠵᠢᠷᠤᠵᠦ᠂ 2010 ᠤᠨ ᠠᠴᠠ ᠡᠬᠢᠯᠡᠨ ᠪᠠᠶᠢᠭᠤᠯᠵᠠᠢ᠃ ᠪᠦᠬᠦᠶᠢᠯᠡ ᠪᠠᠷᠢᠯᠭ᠎ᠠ ᠨᠢ ᠲᠡᠭᠰᠢ | ᠲᠦᠷᠪᠡᠯᠵᠢᠨ ᠬᠡᠯᠪᠡᠷᠢ ᠢᠶᠠᠷ ᠭᠤᠤᠯᠠᠯᠵᠦ᠂ ᠵᠤᠰᠤᠳᠤ ᠠᠭᠤᠯᠠ ᠶᠢᠨ ᠬᠠᠳᠠᠨ ᠵᠢᠷᠤᠭ ᠤᠨ ᠲᠦᠯᠦᠭᠡᠯᠡᠭᠴᠢ ᠪᠦᠳᠦᠭᠡᠯ | ︽ᠨᠠᠷᠠᠨ ᠤ ᠰᠠᠬᠢᠭᠤᠯᠰᠤᠨ︾ ᠤ ᠬᠡ ᠤᠭᠠᠯᠵᠠ ᠢᠶᠠᠷ ᠬᠦᠮᠦᠭᠡᠷ ᠰᠢᠯ ᠤᠨ ᠤᠷᠤᠢ ᠶᠢ ᠪᠦᠷᠬᠦᠵᠦ᠂ ᠲᠡᠭᠷᠢ | ᠲᠦᠭᠦᠷᠢᠭ ᠭᠠᠵᠠᠷ ᠤᠨ ᠪᠠᠷᠢᠯᠭ᠎ᠠ ᠤᠨ ᠪᠦᠳᠤᠴᠡ ᠶᠢ ᠪᠦᠷᠢᠯᠳᠤᠭᠦᠯᠵᠠᠢ᠃ ︽ᠲᠡᠭᠷᠢ ᠪᠠ ᠬᠦᠮᠦᠨ ᠤ ᠨᠢᠭᠡᠳᠤᠯ︾᠂ | ︽ᠤᠶᠤᠨ ᠬᠠᠳᠠᠨ ᠬᠠᠷᠢᠯᠴᠠᠨ ᠨᠦᠬᠦᠪᠦᠷᠢᠯᠠᠭᠰᠠᠨ︾ ᠬᠡᠯᠪᠡᠷᠢ ᠶᠢᠨ ᠭᠤᠸ᠎ᠠ ᠰᠠᠶᠢᠬᠠᠨ ᠪᠠ ᠤᠷᠠᠯᠢᠭ ᠤᠨ ᠭᠤᠸ᠎ᠠ | ᠰᠠᠶᠢᠬᠠᠨ ᠢ ᠢᠯᠡᠳᠭᠡᠵᠠᠢ᠃ | ᠤᠳᠤ ᠦᠶ᠎ᠡ ᠶᠢᠨ ᠳᠤᠮᠳᠠᠳᠤ ᠤᠯᠤᠰ ᠤᠨ ᠤᠷᠠᠨ ᠪᠢᠴᠢᠯᠭᠡ ᠶᠢᠨ ᠤᠷᠠᠯᠢᠭ ᠤᠨ ᠤᠷᠳᠤᠨ ᠪᠤᠯ ᠤᠳᠤᠬᠠᠨ | ᠳᠤ ᠪᠠᠶᠢᠭᠤᠯᠤᠭᠰᠡᠨ ᠪᠦᠬᠦ ᠤᠯᠤᠰ ᠤᠨ ᠳᠠᠩ ᠪᠡᠶᠡᠳᠤ ᠪᠠᠷᠢᠯᠭ᠎ᠠ ᠶᠢᠨ ᠬᠠᠮᠤᠭ ᠤᠨ ᠶᠡᠭᠡ ᠤᠷᠠᠨ ᠪᠢᠴᠢᠯᠭᠡ ᠶᠢᠨ | ᠤᠷᠠᠯᠢᠭ ᠤᠨ ᠲᠠᠩᠬᠢᠮ᠃ ᠤᠷᠳᠤᠨ ᠳᠤ ᠡᠯ᠎ᠡ ᠵᠦᠢᠯ ᠤᠨ ᠦᠵᠡᠭᠦᠯᠦᠯᠭᠡ ᠶᠢᠨ ᠲᠢᠩᠬᠢᠮ 38 ᠲᠤᠬᠢᠷᠠᠭᠤᠯᠤᠨ᠂ | ᠦᠨ᠎ᠡ ᠬᠠᠶᠠᠵᠦ ᠬᠤᠳᠠᠯᠳᠤᠬᠤ ᠲᠢᠩᠬᠢᠮ 1᠂ ᠵᠦᠴᠦᠭᠡ ᠤᠨ ᠲᠢᠩᠬᠢᠮ ᠬᠢᠭᠡᠳ ᠲᠤᠮᠦ ᠬᠤᠷᠠᠯ ᠤᠨ ᠲᠢᠩᠬᠢᠮ 1᠂ | ᠤᠯᠠᠨ ᠦᠢᠯᠡᠳᠤᠯᠭᠡᠳᠤ ᠲᠢᠩᠬᠢᠮ 2᠂ ᠤᠯᠠᠨ ᠦᠢᠯᠡᠳᠤᠯᠭᠡᠳᠤ ᠪᠤᠯᠪᠠᠰᠤᠷᠠᠯ ᠤᠨ ᠲᠠᠰᠤᠭ 9᠂ ᠤᠷᠳᠤᠨ ᠳᠤ | 6000 ᠭᠠᠷᠤᠢ ᠡᠯ᠎ᠡ ᠲᠦᠷᠦᠯ ᠤᠨ ᠵᠢᠷᠤᠭ ᠪᠦᠳᠦᠭᠡᠯ ᠢ ᠬᠠᠮᠳᠤ ᠳᠤᠨᠢ ᠳᠡᠯᠭᠡᠨ ᠦᠵᠡᠭᠦᠯᠵᠦ ᠴᠢᠳᠠᠨ᠎ᠠ᠃ ᠤᠳᠤ | ᠦᠶ᠎ᠡ ᠶᠢᠨ ᠳᠤᠮᠳᠠᠳᠤ ᠤᠯᠤᠰ ᠤᠨ ᠤᠷᠠᠨ ᠪᠢᠴᠢᠯᠭᠡ ᠶᠢᠨ ᠤᠷᠠᠯᠢᠭ ᠤᠨ ᠤᠷᠳᠤᠨ ᠪᠦᠬᠦ ᠤᠯᠤᠰ ᠲᠤ | ᠬᠠᠨᠳᠤᠭᠤᠯᠤᠨ᠂ ᠤᠷᠠᠨ ᠪᠢᠴᠢᠯᠭᠡ᠂ ᠤᠷᠠᠨ ᠵᠢᠷᠤᠭ ᠤᠨ ᠦᠵᠡᠭᠦᠯᠭᠡ᠂ ᠰᠢᠨᠵᠢᠬᠦ᠂ ᠰᠤᠷᠭᠠᠨ ᠬᠦᠮᠦᠵᠢᠯ᠂ | ᠪᠤᠯᠪᠠᠰᠤᠷᠠᠯ᠂ ᠰᠤᠯᠢᠯᠴᠠᠬᠤ᠂ ᠠᠷᠠᠯᠵᠢᠶᠠᠯᠠᠬᠤ᠂ ᠤᠷᠠᠨ ᠵᠢᠷᠤᠭ ᠤᠨ ᠬᠡᠪᠯᠡᠯ ᠤᠨ ᠡᠷᠬᠡ ᠶᠢ ᠳᠠᠩᠰᠠᠯᠠᠬᠤ ᠪᠦᠭᠡᠨ | ᠬᠠᠮᠠᠭᠠᠯᠠᠬᠤ ᠶᠢ ᠨᠢᠭᠡ ᠴᠤᠭᠴᠠᠵᠢᠭᠤᠯᠤᠭᠰᠡᠨ ᠤᠯᠤᠰ ᠤᠨ ᠳᠡᠰ ᠶᠢᠨ ᠤᠷᠠᠨ ᠵᠢᠷᠤᠭ ᠤᠨ ᠭᠤᠤᠯ ᠰᠡᠳᠤᠪᠳᠤ | ᠤᠷᠳᠤᠨ᠃ | ᠬᠦᠭᠵᠢᠯ ᠤᠨ ᠬᠠᠨᠳᠤᠰᠢ᠄ ᠤᠳᠤ ᠦᠶ᠎ᠡ ᠶᠢᠨ ᠳᠤᠮᠳᠠᠳᠤ ᠤᠯᠤᠰ ᠤᠨ ᠤᠷᠠᠨ ᠪᠢᠴᠢᠯᠭᠡ ᠶᠢᠨ ᠤᠷᠠᠯᠢᠭ ᠤᠨ | ᠤᠷᠳᠤᠨ ᠪᠤᠯᠤᠨ ᠳᠤᠮᠳᠠᠳᠤ ᠤᠯᠤᠰ ᠤᠨ ᠤᠷᠠᠨ ᠪᠢᠴᠢᠯᠭᠡᠲᠡᠨ ᠤ ᠨᠡᠶᠢᠭᠡᠮᠯᠢᠭ ᠲᠠᠢ ᠬᠠᠮᠳᠤᠷᠠᠨ ᠤᠷᠠᠨ ᠪᠢᠴᠢᠯᠭᠡ | ᠶᠢᠨ ᠳᠡᠯᠭᠡᠨ ᠦᠵᠡᠭᠦᠯᠦᠯᠭᠡ᠂ ᠰᠤᠳᠤᠨ ᠪᠦᠳᠤᠭᠡᠯ ᠡᠭᠦᠳᠬᠦ᠂ ᠪᠤᠯᠪᠠᠰᠤᠷᠠᠯ᠂ ᠰᠤᠯᠢᠯᠴᠬᠤ ᠲᠠᠪᠴᠠᠩ ᠢ | ᠪᠠᠶᠢᠭᠤᠯᠵᠦ᠂ ᠲᠤᠮᠳᠠᠳᠤ ᠤᠯᠤᠰ ᠤᠨ ︽ᠪᠠᠶᠢᠭᠠᠯᠢ ᠶᠢᠨ ᠳᠠᠭᠤᠨ︾ ᠲᠤᠰᠤᠨ ᠪᠤᠳᠤᠭ ᠤᠨ ᠵᠢᠷᠤᠭ ᠤᠷᠠᠯᠢᠭ ᠤᠨ | ᠰᠤᠳᠤᠯᠭᠠᠨ ᠲᠠᠢ ᠬᠤᠯᠪᠤᠭᠠᠯᠠᠨ ᠳᠡᠭᠡᠳᠤ ᠳᠡᠰ ᠤᠨ ᠪᠦᠳᠤᠭᠡᠯ ᠡᠭᠦᠳᠬᠦ᠂ ᠰᠢᠵᠢᠯᠡᠬᠦ᠂ ᠦᠵᠡᠭᠦᠯᠦᠯᠭᠡ ᠶᠢᠨ | ᠲᠠᠪᠴᠠᠩ ᠪᠠᠶᠢᠭᠤᠯᠵᠦ᠂ ᠯᠢ ᠺᠧ ᠷᠠᠨ ᠤᠷᠠᠯᠢᠭ ᠤᠨ ᠰᠠᠭᠤᠷᠢ ᠮᠦᠩᠭᠦᠨ ᠤ ᠨᠡᠶᠢᠭᠡᠮᠯᠢᠭ ᠲᠠᠢ ᠬᠤᠯᠪᠤᠭᠠᠯᠠᠨ | ᠳᠤᠮᠳᠠᠳᠤ ᠤᠯᠤᠰ ᠤᠨ ᠠᠭᠤᠯᠠ ᠤᠰᠤᠨ ᠤ ᠵᠢᠷᠤᠭ ᠢ ᠬᠠᠭᠤᠯᠤᠨ ᠵᠢᠷᠤᠬᠤ ᠶᠢ ᠡᠷᠬᠢᠮᠡᠯᠳᠡᠭ ᠪᠦᠭᠡᠳ ᠰᠤᠯᠢᠯᠴᠠᠭᠠᠨ | ᠤ ᠲᠠᠪᠴᠠᠩ ᠪᠠᠶᠢᠭᠤᠯᠵᠦ᠂ ᠳᠤᠮᠳᠠᠳᠤ ᠤᠯᠤᠰ ᠤᠨ ᠤᠷᠠᠨ ᠪᠢᠴᠢᠯᠭᠡ ᠶᠢᠨ ᠤᠷᠠᠨ ᠵᠢᠷᠤᠭ ᠤᠨ ᠨᠡᠷᠡᠳᠤ ᠬᠦᠮᠦᠰ | ᠤᠨ ᠳᠠᠩᠰᠠ ᠡᠪᠬᠡᠮᠡᠯ ᠪᠠᠶᠢᠭᠤᠯᠵᠦ᠂ ᠳᠤᠮᠳᠠᠳᠤ ᠤᠯᠤᠰ ᠤᠨ ᠤᠷᠠᠨ ᠪᠢᠴᠢᠯᠭᠡ ᠶᠢᠨ ᠤᠷᠠᠨ ᠵᠢᠷᠤᠭ ᠤᠨ ᠨᠡᠷᠡᠳᠤ | ᠬᠦᠮᠦᠰ ᠤᠨ ᠪᠠᠶᠢᠴᠠᠭᠠᠨ ᠯᠠᠪᠯᠠᠬᠤ᠂ ᠬᠠᠷᠢᠯᠴᠠᠬᠤ᠂ ᠰᠤᠯᠢᠯᠴᠠᠭᠠᠨ ᠤ ᠲᠠᠪᠴᠠᠩ ᠢ ᠪᠠᠶᠢᠭᠤᠯᠵᠦ᠂ ᠳᠤᠮᠳᠠᠳᠤ | ᠤᠯᠤᠰ ᠤᠨ ᠤᠷᠠᠨ ᠵᠢᠷᠤᠭ ᠤᠨ ᠬᠡᠪᠯᠡᠯ ᠤᠨ ᠡᠷᠬᠡ ᠶᠢᠨ ᠳᠠᠩᠰᠯᠠᠯᠲᠡ᠂ ᠬᠠᠮᠠᠭᠠᠯᠠᠬᠤ ᠪᠠ ᠠᠷᠠᠯᠵᠢᠶᠠᠨ ᠤ ᠲᠤᠭᠠᠨ | ᠲᠠᠪᠴᠠᠩ᠂ ᠬᠠᠲᠤᠨ ᠭᠤᠤᠯ ᠤᠨ ᠭᠡᠷᠡᠯᠳᠤ ᠰᠤᠪᠤᠳ ᠦᠬᠠᠢ ᠶᠢᠨ ᠤᠷᠠᠨ ᠪᠢᠴᠢᠯᠭᠡ ᠶᠢᠨ ᠤᠷᠠᠯᠢᠭ ᠤᠨ ᠪᠠᠶᠠᠷ᠂ | ᠤᠯᠠᠨ ᠤᠯᠤᠰ ᠤᠨ ᠤᠷᠠᠨ ᠪᠢᠴᠢᠯᠭᠡ ᠤᠨ ᠠᠵᠦ ᠦᠢᠯᠡᠰ ᠤᠨ ᠦᠵᠡᠰᠭᠦᠯᠡᠩ ᠤᠨ ᠴᠤᠭᠯᠠᠭᠠᠨ ᠢᠶᠠᠷ ᠠᠴᠢᠶᠠᠯᠠᠪᠦᠷᠢ | ᠪᠤᠯᠭᠠᠵᠦ᠂ ᠳᠤᠮᠳᠠᠳᠤ ᠤᠯᠤᠰ ᠤᠨ ᠤᠷᠠᠨ ᠵᠢᠷᠤᠭ ᠤᠨ ᠦᠢᠯᠡᠰ ᠤᠨ ᠠᠷᠠᠯᠵᠢᠶᠠᠯᠠᠬᠤ ᠲᠠᠪᠴᠠᠩ ᠢ ᠪᠠᠶᠢᠭᠤᠯᠤᠨ᠎ᠠ᠃ | ᠤᠳᠤ ᠦᠶ᠎ᠡ ᠶᠢᠨ ᠳᠤᠮᠳᠠᠳᠤ ᠤᠯᠤᠰ ᠤᠨ ᠤᠷᠠᠨ ᠪᠢᠴᠢᠯᠭᠡ ᠶᠢᠨ ᠤᠷᠠᠯᠢᠭ ᠤᠨ ᠤᠷᠳᠤᠨ ᠰᠤᠶᠤᠯ ᠤᠷᠠᠯᠢᠭ ᠢᠶᠠᠨ | ᠢᠳᠡᠪᠬᠢᠲᠠᠢ ᠪᠠᠳᠠᠷᠠᠭᠤᠯᠵᠦ᠂ ᠬᠤᠲᠡ ᠶᠢᠨ ᠴᠢᠨᠠᠷᠲᠠᠢ ᠳᠠᠶᠢᠴᠢᠯᠠᠬᠤ ᠦᠢᠯᠡᠳᠤᠯ ᠢ ᠳᠡᠭᠡᠭᠰᠢᠯᠡᠭᠦᠯᠦᠨ᠂ ᠪᠦᠬᠦ ᠤᠯᠤᠰ | ᠤᠨ ᠭᠤᠤᠯᠳᠠᠯᠭ᠎ᠠ ᠲᠠᠢ ᠤᠷᠠᠨ ᠵᠢᠷᠤᠭ ᠤᠨ ᠤᠷᠳᠤᠨ ᠪᠤᠯᠭᠠᠬᠤ ᠪᠠᠷ ᠴᠢᠷᠮᠠᠶᠢᠬᠤ ᠪᠦᠭᠡᠳ ᠤᠷᠠᠨ ᠪᠢᠴᠢᠯᠭᠡ ᠶᠢᠨ | ᠴᠡᠴᠡᠷᠯᠢᠭ ᠲᠠᠢ ᠬᠠᠮᠳᠤᠷᠠᠨ ᠤᠯᠤᠰ ᠤᠨ 4A ᠳᠡᠰ ᠤᠨ ᠵᠢᠭᠤᠯᠴᠢᠯᠠᠯ ᠤᠨ ᠦᠵᠡᠮᠵᠢ ᠶᠢᠨ ᠤᠷᠤᠨ ᠢ ᠪᠠᠶᠢᠭᠤᠯᠵᠦ᠂ | ᠤᠯᠤᠰ ᠤᠨ ᠳᠡᠰ ᠤᠨ ᠰᠤᠶᠤᠯ ᠤᠨ ᠠᠵᠦ ᠦᠢᠯᠡᠰ ᠤᠨ ᠵᠢᠱᠢᠶ᠎ᠡ ᠦᠵᠡᠭᠦᠯᠬᠦ ᠰᠠᠭᠤᠷᠢᠨ ᠭᠠᠵᠠᠷ ᠢ ᠡᠬᠢᠯᠡᠨ | ᠪᠠᠶᠢᠭᠤᠯᠬᠤ ᠪᠠᠷ ᠳᠡᠭᠡᠭᠰᠢ ᠮᠡᠳᠡᠭᠦᠯᠪᠡ᠃ | | | | | | | | | | | | | | | | | | | | | | | | | | | | | | | | | |