ᠦᠬᠠᠢ ᠬᠤᠲᠡ ᠶᠢᠨ ᠤᠷᠭᠤᠮᠡᠯ ᠤᠨ ᠬᠦᠷᠢᠶᠡᠯᠡᠩ ᠬᠤᠲᠡ ᠶᠢᠨ ᠲᠤᠭᠤᠷᠢᠭ ᠤᠨ ᠤᠮᠠᠷᠠᠳᠤ ᠬᠡᠰᠡᠭ ᠳᠤ | ᠪᠠᠶᠢᠷᠢᠯᠠᠵᠦ᠂ ᠨᠢᠭᠡᠨ ᠦᠵᠡᠮᠤᠷᠢ ᠶᠢᠨ ᠮᠤᠳᠤ ᠪᠤᠶᠢᠵᠢᠭᠤᠯᠬᠤ᠂ ᠰᠤᠨᠢᠷᠬᠠᠬᠤ᠂ ᠵᠤᠭ᠎ᠠ ᠴᠡᠩᠬᠡᠯ ᠢ ᠨᠢᠭᠡ | ᠴᠤᠭᠴᠠᠵᠢᠭᠤᠯᠤᠭᠰᠡᠨ ᠨᠡᠬᠡᠬᠡᠯᠳᠡᠳᠤ ᠮᠠᠶ᠋ᠢᠭ ᠤᠨ ᠬᠤᠲᠡ ᠶᠢᠨ ᠴᠡᠴᠡᠷᠯᠢᠭ ᠪᠤᠯᠭᠠᠵᠠᠢ᠃ ᠦᠨᠦ ᠴᠡᠴᠡᠷᠯᠢᠭ ᠤᠨ | ᠦᠩᠭᠡ ᠦᠵᠡᠮᠵᠢ ᠲᠦᠷᠰᠦ ᠪᠠᠶᠢᠳᠠᠯ ᠨᠢ ᠠᠩᠬ᠎ᠠ ᠠᠯᠬᠤᠮ ᠲᠦᠯᠦᠪᠵᠢᠵᠦ᠂ ᠵᠢᠯ ᠳᠤ 30 ᠲᠦᠮᠡᠨ ᠬᠦᠮᠦᠨ | ᠤᠳᠠᠭ᠎ᠠ ᠵᠤᠭᠠᠴᠠᠭᠰᠡᠳ ᠢ ᠬᠦᠯᠢᠶᠡᠨ ᠠᠪᠴᠠᠢ᠃ | ᠤᠷᠭᠤᠮᠡᠯ ᠤᠨ ᠬᠦᠷᠢᠶᠡᠯᠡᠩ 2003 ᠤᠨ ᠳᠤ ᠮᠤᠳᠤ ᠰᠠᠭᠤᠯᠭᠠᠨ ᠡᠬᠢᠯᠡᠨ ᠪᠠᠶᠢᠭᠤᠯᠵᠦ᠂ 2004 ᠤᠨ | ᠤ 9 ᠰᠠᠷ᠎ᠠ ᠳᠤ ᠵᠤᠭᠠᠴᠠᠭᠰᠡᠳ ᠲᠤ ᠨᠡᠬᠡᠬᠡᠵᠦ᠂ ᠡᠵᠡᠯᠡᠬᠦ ᠲᠠᠯᠠᠪᠠᠢ ᠨᠢ 140 ᠡᠾᠧᠷᠲ᠋ᠠᠷ᠂ ᠡᠯ᠎ᠡ ᠲᠦᠷᠤᠯ ᠤᠨ | ᠮᠤᠳᠤ 30 ᠲᠦᠮᠡᠨ ᠰᠠᠭᠤᠷᠢ᠂ 120 ᠵᠦᠢᠯ᠃ ᠨᠢᠭᠡᠨᠲᠡ ᠪᠠᠶᠢᠭᠤᠯᠵᠦ ᠳᠠᠭᠤᠰᠤᠭᠰᠡᠨ ᠤᠰᠤᠨ ᠰᠢᠰᠲ᠋ᠧᠮ 6.5 | ᠡᠾᠧᠷᠲ᠋ᠠᠷ᠂ ᠰᠡᠯᠡᠭᠦᠴᠡᠯ ᠤᠨ ᠲᠠᠯᠠᠪᠠᠢ 5᠂ ᠬᠦᠷᠢᠶᠡᠯᠡᠩ ᠤᠨ ᠳᠤᠲᠤᠷ᠎ᠠ ᠵᠠᠮ ᠬᠠᠷᠢᠯᠴᠠᠭ᠎ᠠ ᠨᠡᠪᠲᠡᠷᠡᠨ᠂ ᠪᠦᠬᠦ | ᠬᠦᠷᠢᠶᠡᠯᠡᠩ ᠤᠨ ᠬᠠᠳᠠᠭᠤᠷᠠᠭᠤᠯᠤᠭᠰᠡᠨ ᠲᠠᠯᠠᠪᠠᠢ ᠨᠢ 3.8 ᠡᠾᠧᠷᠲ᠋ᠠᠷ᠂ ᠤᠷᠤᠬᠤ ᠡᠭᠦᠳᠡ 4 ᠪᠠᠶᠢᠨ᠎ᠠ᠂ ᠲᠤᠰ | ᠲᠤᠰ ᠪᠠᠷᠠᠭᠤᠨ ᠡᠭᠦᠳᠡ᠂ ᠡᠮᠦᠨ᠎ᠡ ᠡᠭᠦᠳᠡ᠂ ᠵᠡᠭᠦᠨ ᠡᠭᠦᠳᠡ᠂ ᠬᠤᠶᠢᠳᠤ ᠡᠭᠦᠳᠡ ᠪᠤᠯᠤᠨ᠎ᠠ᠂ ᠬᠤᠶᠢᠳᠤ ᠡᠭᠦᠳᠡ | ᠶᠢ 2010 ᠤᠨ ᠳᠤ ᠪᠠᠶᠢᠭᠤᠯᠵᠠᠢ᠃ ᠨᠢᠭᠡᠨᠲᠡ ᠪᠠᠶᠢᠭᠤᠯᠤᠭᠰᠡᠨ ᠰᠢᠶᠤᠤ ᠯᠤᠩ ᠬᠤ᠋ ᠵᠤᠭ᠎ᠠ ᠴᠡᠩᠬᠡᠯ ᠤᠨ | ᠤᠷᠤᠨ᠂ ᠴᠠᠷᠴᠠᠮᠡᠯ ᠬᠦᠷᠢᠶᠡᠯᠡᠩ᠂ ᠴᠡᠴᠡᠭ ᠨᠠᠪᠴᠢ ᠶᠢᠨ ᠤᠷᠤᠨ᠂ ᠢᠯᠠᠮ᠎ᠠ ᠶᠢᠨ ᠬᠦᠷᠢᠶᠡᠯᠡᠩ᠂ ᠬᠤᠤᠰ ᠳᠠᠭᠳᠤ | ᠶᠢᠨ ᠬᠦᠷᠢᠶᠡᠯᠡᠩ᠂ ᠰᠢᠯᠮᠤᠤᠰᠤᠳᠤ ᠤᠢ ᠶᠢᠨ ᠦᠵᠡᠮᠵᠢ ᠶᠢᠨ ᠤᠷᠤᠨ᠂ ᠦᠷᠭᠡᠨ ᠨᠠᠪᠴᠢᠳᠤ ᠤᠢ ᠶᠢᠨ ᠦᠵᠡᠮᠵᠢ | ᠶᠢᠨ ᠤᠷᠤᠨ᠃ ᠦᠵᠡᠮᠵᠢ ᠶᠢ ᠲᠠᠭᠠᠨ᠂ ᠰᠤᠨᠢᠷᠬᠠᠬᠤ ᠱᠤᠭᠤᠮ ᠳᠡᠭᠡᠷ᠎ᠡ 100 ᠮᠧᠲᠷ ᠤᠨ ᠤᠷᠳᠤ ᠬᠤᠩᠬᠢᠯ᠂ | ᠳᠤᠬᠢᠶᠠᠨ ᠭᠠᠯ ᠤᠨ ᠲᠠᠪᠴᠠᠩ ︵ᠲᠡᠷᠡ ᠨᠢ ᠡᠷᠳᠡᠨ ᠤ ᠬᠢ ᠶᠢ ᠳᠠᠭᠤᠷᠢᠶᠠᠵᠦ ᠪᠠᠶᠢᠭᠤᠯᠤᠭᠰᠡᠨ᠂ ᠮᠠᠨ ᠤ ᠬᠤᠲᠡ | ᠶᠢᠨ ᠮᠢᠩ ᠤᠯᠤᠰ ᠤᠨ ᠦᠯᠡᠳᠡᠭᠳᠡᠯ ᠳᠤᠬᠢᠶᠠᠨ ᠭᠠᠯ ᠤᠨ ᠲᠠᠪᠴᠠᠩ ᠬᠤᠲᠡ ᠶᠢᠨ ᠡᠮᠦᠨ᠎ᠡ 20 ᠺᠢᠯᠤᠮᠧᠲᠷ ᠤᠨ | ᠬᠠᠳᠤᠨ ᠭᠤᠤᠯ ᠤᠨ ᠬᠦᠪᠡᠭᠡ ᠳᠤ ᠪᠠᠶᠢᠷᠢᠯᠠᠵᠦ ᠪᠤᠢ︶᠂ ᠲᠠᠩ ᠤᠷᠤᠰᠬᠠᠯ᠂ ᠰᠡᠷᠢᠭᠦᠨ ᠲᠠᠭᠳᠤ᠂ ᠲᠠᠭᠳᠤ᠂ | ᠴᠡᠴᠡᠭ ᠤᠨ ᠲᠠᠯᠪᠢᠭᠤᠷ᠂ ᠱᠤᠭᠤᠮᠡᠯ ᠬᠦᠷᠦᠭ᠂ ᠬᠦᠭᠦᠷᠭᠡᠨ ᠵᠠᠮ᠂ ᠤᠷᠭᠢᠯᠤᠭᠠ ᠪᠤᠯᠠᠭ᠂ ᠰᠤᠨᠵᠤ ᠠᠪᠴᠢᠬᠤ | ᠪᠦᠷᠬᠦᠬᠦᠯ ᠵᠡᠷᠭᠡ ᠴᠡᠴᠡᠷᠯᠢᠭ ᠤᠨ ᠰᠤᠯᠠ ᠬᠡᠷᠡᠭᠰᠡᠯ ᠲᠤᠬᠢᠷᠠᠭᠤᠯᠵᠠᠢ᠃ ᠤᠷᠭᠤᠮᠡᠯ ᠤᠨ ᠬᠦᠷᠢᠶᠡᠯᠡᠩ ᠤᠨ ᠪᠦᠲᠦᠭᠡᠨ | ᠪᠠᠶᠢᠭᠤᠯᠤᠯᠲᠡ ᠨᠢ ᠴᠢᠬᠢ ᠪᠤᠶᠢᠵᠢᠭᠤᠯᠬᠤ᠂ ᠤᠶᠢᠵᠢᠭᠤᠯᠬᠤ᠂ ᠰᠢᠨᠵᠢᠯᠡᠬᠦ ᠤᠬᠠᠭᠠᠨ ᠤ ᠰᠤᠳᠤᠯᠤᠯ ᠪᠠ ᠠᠰᠢᠭᠯᠠᠯᠲᠡ | ᠶᠢ ᠳᠡᠯᠭᠡᠷᠡᠭᠦᠯᠬᠦ ᠴᠢᠳᠠᠪᠦᠷᠢ ᠶᠢ ᠪᠡᠶᠡᠯᠡᠭᠦᠯᠦᠭᠰᠡᠨ ᠢᠶᠠᠷ ᠪᠠᠷᠠᠬᠤ ᠦᠭᠡᠢ ᠪᠠᠰᠠ ᠨᠡᠬᠡᠬᠡᠯᠳᠠᠳᠤ ᠮᠠᠶ᠋ᠢᠭ ᠤᠨ ᠴᠡᠴᠡᠷᠯᠢᠭ | ᠪᠤᠯᠤᠭᠰᠡᠨ ᠤ ᠬᠤᠪᠢ ᠳᠤ ᠵᠤᠭᠠᠴᠠᠭᠰᠡᠳ ᠲᠤ ᠰᠤᠨᠢᠷᠬᠠᠬᠤ᠂ ᠵᠤᠭ᠎ᠠ ᠴᠡᠩᠬᠡᠯ ᠤᠨ ᠴᠢᠳᠠᠮᠵᠢ ᠶᠢ | ᠲᠡᠭᠦᠯᠳᠡᠷᠵᠢᠭᠦᠯᠵᠦ᠂ ᠤᠷᠭᠤᠮᠡᠯ ᠤᠨ ᠦᠵᠡᠮᠵᠢ ᠢᠶᠠᠷ ᠭᠤᠤᠯ ᠪᠤᠯᠭᠠᠵᠦ᠂ ᠤᠯᠠᠨ ᠵᠦᠢᠯ ᠤᠨ ᠪᠠᠶᠢᠭᠠᠯᠢ ᠶᠢᠨ | ᠴᠡᠴᠡᠷᠯᠢᠭ ᠤᠨ ᠦᠵᠡᠮᠵᠢ ᠶᠢ ᠠᠭᠤᠰᠬᠠᠨ ᠤᠷᠤᠭᠤᠯᠵᠠᠢ᠃ | | | | | | |