ᠲᠠ ᠪᠦᠬᠦᠨ ᠰᠠᠶᠢᠨ ᠪᠠᠶᠢᠵᠠᠭᠠᠨ᠎ᠠ ᠤᠤ᠂ ᠪᠢ ᠪᠣᠯ ᠦᠬᠠᠶ ᠬᠤᠲᠠ ᠶᠢᠨ ᠨᠠᠮ ᠤᠨ ᠬᠤᠷᠢᠶᠠᠨ ᠤ ᠱᠦᠵᠢ ᠱᠢ | ᠸᠠᠨ ᠵᠢᠶᠦ᠋ᠨ ᠪᠣᠯᠤᠨ᠎ᠠ᠃ | ᠬᠠᠳᠤᠨ ᠭᠤᠤᠯ ᠳᠣᠯᠭᠢᠶᠠᠯᠠᠨ ᠤᠷᠤᠰᠴᠤ᠂ ᠲᠦᠮᠡᠨ ᠭᠠᠵᠠᠷ ᠳᠣᠯᠭᠢᠶᠠᠯᠠᠨ᠎ᠠ᠃ ᠦᠬᠠᠶ ᠪᠣᠯ ᠬᠠᠳᠤᠨ ᠭᠤᠤᠯ | ᠥᠪᠥᠷ ᠮᠣᠩᠭᠤᠯ ᠳᠤ ᠤᠷᠤᠭᠰᠠᠨ ᠨᠢᠭᠡᠳᠦᠭᠡᠷ ᠥᠷᠲᠡᠭᠡ ᠪᠣᠯᠤᠨ᠎ᠠ᠃ 1958 ᠣᠨ ᠳᠤ᠂ ᠦᠵᠢᠨ ᠤ | ᠢᠯᠡᠷᠡᠭᠦᠯᠦᠯᠲᠡ ᠠᠴᠠ ᠪᠣᠯᠵᠤ᠂ ᠪᠦᠬᠦ ᠤᠯᠤᠰ ᠤᠨ ᠡᠯ᠎ᠡ ᠭᠠᠵᠠᠷ ᠠᠴᠠ ᠢᠷᠡᠭᠰᠡᠨ ᠪᠦᠲᠦᠭᠡᠨ ᠪᠠᠶᠢᠭᠤᠯᠤᠭᠴᠢᠳ | ᠡᠨᠡ ᠬᠦ ᠬᠠᠯᠠᠭᠤᠨ ᠬᠥᠷᠥᠰᠥᠨ ᠳᠤ ᠦᠨᠳᠦᠰᠦᠯᠡᠵᠦ ᠵᠠᠮ ᠨᠡᠭᠡᠭᠡᠨ ᠤᠷᠤᠭᠰᠢᠯᠠᠪᠠ᠃ ᠬᠤᠲᠠ ᠪᠠᠶᠢᠭᠤᠯᠤᠭᠰᠠᠨ 40 | ᠭᠠᠷᠤᠶ ᠵᠢᠯ ᠤᠨ ᠲᠤᠷᠰᠢ᠂ ᠦᠬᠠᠶ ᠶᠢᠨ ᠡᠯ᠎ᠡ ᠦᠨᠳᠦᠰᠦᠲᠡᠨ ᠤ ᠬᠥᠪᠡᠭᠦᠳ ᠥᠬᠢᠳ ᠵᠣᠷᠢᠭᠲᠠᠶ ᠪᠠᠷ ᠠᠤᠭ᠋ ᠠ | ᠶᠡᠭᠡ ᠬᠡᠭᠦᠳᠡᠭ ᠴᠡᠭᠡᠵᠢ ᠢᠶᠠᠷ ᠦᠬᠠᠶ ᠶᠢ ᠬᠠᠳᠤᠨ ᠭᠤᠤᠯ ᠤᠨ ᠠᠯᠲᠠᠨ ᠪᠦᠰᠡ ᠳᠡᠭᠡᠷᠡᠬᠢ ᠭᠡᠷᠡᠯᠲᠦ ᠰᠤᠪᠤᠳ | ᠪᠣᠯᠭᠠᠨ ᠪᠦᠲᠦᠭᠡᠨ ᠪᠠᠶᠢᠭᠤᠯᠵᠤ᠂ ᠣᠯᠠᠨ ᠠᠴᠠ ᠣᠨᠴᠠᠭᠠᠢ ᠭᠠᠵᠠᠷ ᠵᠦᠶ ᠶᠢᠨ ᠪᠠᠶᠢᠷᠢ ᠰᠠᠭᠤᠷᠢ ᠨᠢ ᠦᠬᠠᠶ ᠶᠢ ᠶᠡᠭᠡ | ᠨᠠᠭᠤᠷ᠂ ᠶᠡᠭᠡ ᠡᠯᠡᠰᠦᠨ ᠴᠦᠯ᠂ ᠶᠡᠭᠡ ᠨᠤᠭᠤ ᠭᠠᠵᠠᠷ ᠴᠤᠭᠯᠠᠷᠠᠭᠰᠠᠨ ᠬᠠᠴᠢᠨ ᠵᠢᠭᠳᠡᠷ ᠭᠠᠵᠠᠷ ᠤᠨ ᠭᠠᠳᠠᠷ | ᠲᠦᠷᠰᠤᠲ᠋ᠠᠢ ᠪᠣᠯᠭᠠᠵᠤ᠂ ᠦᠬᠠᠢ ᠪᠣᠯᠤᠨ ᠹᠷᠠᠨᠼᠢ ᠶᠢᠨ ᠪᠤᠷᠳᠦ᠋ᠸᠧ ᠵᠡᠷᠭᠡ ᠪᠦᠬᠦ ᠪᠥᠮᠪᠥᠷᠴᠡᠭ ᠤᠨ ᠦᠵᠦᠮ | ᠲᠠᠷᠢᠭᠰᠠᠨ ᠰᠢᠵᠢᠷ ᠠᠯᠲᠠᠨ ᠣᠷᠣᠨ ᠪᠦᠰᠡ ᠲᠠᠢ ᠪᠣᠯᠭᠠᠵᠤ᠂ ᠳᠣᠲᠣᠭᠠᠳᠤ ᠭᠠᠳᠠᠭᠠᠳᠤ ᠲᠤ ᠠᠯᠳᠠᠷᠰᠢᠭᠰᠠᠨ | ᠡᠯᠡᠰᠦᠨ ᠴᠦᠯ ᠤᠨ ᠦᠵᠦᠮ ᠤᠨ ᠠᠷᠢᠬᠢ ᠶᠢᠨ ᠨᠡᠶᠢᠰᠯᠡᠯ ᠪᠣᠯᠭᠠᠪᠠ᠃ | ᠮᠢᠩᠭᠠᠨ ᠵᠢᠯ ᠤᠨ ᠡᠮᠦᠨ᠎ᠡ᠂ ᠶᠡᠭᠡ ᠰᠢᠯᠦᠭᠴᠢᠨ ᠸᠠᠩ ᠸᠧᠶ ᠡᠨᠡ ᠭᠠᠵᠠᠷ ᠢᠶᠠᠷ ᠥᠩᠭᠡᠷᠡᠬᠦ ᠦᠶ᠎ᠡ ᠳᠤ᠂ ︽ | ᠡᠯᠡᠰᠦᠨ ᠴᠥᠯ ᠳᠤ ᠥᠨᠥᠴᠢᠨ ᠤᠲᠤᠭ᠎ᠠ ᠤᠨᠢᠶᠠᠷ ᠠᠰᠬᠠᠨ᠂ ᠤᠷᠲᠤ ᠮᠥᠷᠡᠨ ᠰᠢᠩᠭᠡᠭᠰᠡᠨ ᠨᠡᠷᠡᠨ ᠲᠡᠷᠭᠡᠯ︾ ᠭᠡᠬᠦ | ᠠᠯᠳᠠᠷᠲᠤ ᠥᠭᠦᠯᠡᠪᠦᠷᠢ ᠶᠢ ᠦᠯᠡᠳᠡᠭᠡᠭᠰᠡᠨ ᠶᠤᠮ᠃ ᠥᠨᠥᠳᠥᠷ᠂ ᠦᠵᠡᠰᠬᠦᠯᠡᠩᠲᠦ ᠰᠠᠶᠢᠬᠠᠨ ᠦᠬᠠᠢ ᠨᠠᠭᠤᠷ ᠤᠨ | ᠬᠥᠪᠡᠭᠡᠨ ᠳᠤ᠂ ᠴᠢ ᠨᠢᠭᠡ ᠴᠣᠮᠣ ᠤᠯᠠᠭᠠᠨ ᠡᠶᠡᠯᠰᠡᠭ ᠵᠥᠭᠡᠯᠡᠨ ᠦᠵᠤᠮ ᠤᠨ ᠠᠷᠢᠬᠢ ᠶᠢ ᠡᠷᠭᠦᠵᠦ᠂ ᠢᠷᠠᠭᠤ | ᠤᠶᠠᠩᠭᠠᠯᠠᠯ ᠤᠨ ᠲᠤᠮᠳᠠ ᠮᠢᠩᠭᠠᠨ ᠵᠢᠯ ᠤᠨ ᠪᠣᠯᠵᠤᠭ᠎ᠠ ᠲᠣᠭᠲᠠᠵᠤ ᠪᠣᠯᠤᠨ᠎ᠠ᠃ | ᠦᠬᠠᠶ ᠬᠤᠲᠠ ᠭᠦᠨ ᠵᠤᠵᠠᠭᠠᠨ ᠰᠣᠶᠣᠯ ᠤᠨ ᠠᠭᠤᠯᠬᠤᠨ ᠲᠠᠢ᠃ ᠠᠯᠢ ᠡᠷᠲᠡ 7000 ᠭᠠᠷᠤᠶ ᠵᠢᠯ ᠤᠨ | ᠡᠮᠦᠨ᠎ᠡ᠂ ᠬᠥᠮᠦᠰ ᠠᠳᠡ ᠨᠡᠷᠡᠨ ᠤ ᠰᠠᠬᠢᠭᠤᠯᠤᠨ ᠤ ᠬᠠᠳᠠᠨ ᠵᠢᠷᠤᠭ ᠢ ᠰᠡᠶᠢᠯᠵᠦ᠂ ᠣᠳᠣ ᠳᠤᠮᠳᠠᠳᠤ ᠶᠢᠨ | ᠦᠨᠳᠦᠰᠦᠲᠡᠨ ᠤ ᠰᠣᠶᠣᠯ ᠤᠷᠠᠯᠢᠭ ᠤᠨ ᠦᠨᠡᠲᠦ ᠡᠷᠳᠡᠨᠢ ᠬᠡᠮᠡᠭᠳᠡᠵᠦ᠂ ᠨᠠᠩ ᠴᠤ ᠠᠳᠡ ᠪᠠᠳᠠᠷᠠᠨ᠂ ᠵᠢᠯ ᠲᠤᠷᠰᠢ | ᠤᠷᠠᠨ ᠪᠢᠴᠢᠯᠡᠭᠡ ᠪᠤᠯᠪᠠᠰᠤᠷᠠᠵᠤ ᠪᠠᠶᠢᠭ᠎ᠠ ᠳᠤᠷ᠎ᠠ ᠪᠠᠭ᠋ᠠᠲᠠᠳ 10 ᠲᠦᠮᠡ ᠭᠠᠷᠤᠶ ᠪᠣᠯᠵᠤ᠂ ᠬᠤᠲᠠ ᠶᠢᠨ | ᠰᠣᠶᠣᠯ ᠤᠨ ᠠᠭᠤᠯᠬᠤᠨ ᠢ ᠵᠤᠵᠠᠭᠠᠳᠬᠠᠨ᠂ ᠬᠥᠮᠦᠰ ᠤᠨ ᠣᠶᠤᠨ ᠰᠠᠨᠠᠭᠠᠨ ᠤ ᠭᠡᠷ ᠣᠷᠣᠨ ᠢ ᠲᠡᠭᠦᠯᠳᠡᠷᠵᠢᠭᠦᠯᠵᠡᠶ᠃ | | ᠪᠢᠳᠡ ᠨᠠᠢᠮᠠᠨ ᠵᠣᠪᠬᠢᠰ ᠤᠨ ᠵᠣᠴᠢᠳ ᠢ ᠤᠷᠢᠵᠤ᠂ ᠦᠷᠭᠦᠯᠵᠢ ᠦᠬᠠᠶ ᠳᠤ ᠢᠷᠡᠵᠦ᠂ ᠤᠷᠲᠤ ᠭᠤᠣᠯ ᠤᠨ | ᠨᠠᠷᠠ ᠰᠢᠩᠭᠡᠬᠦ ᠶᠢ ᠦᠵᠡᠵᠦ᠂ ᠡᠶᠡᠯᠳᠡᠭ ᠵᠥᠭᠡᠯᠡᠨ ᠦᠵᠤᠮ ᠤᠨ ᠠᠷᠢᠬᠢ ᠶᠢ ᠠᠮᠲᠠᠯᠠᠭᠠᠷᠠᠢ ᠃ |