ᠬᠠᠶᠢᠷᠤᠪ ᠤᠨ ᠲᠣᠬᠤᠢ ᠶᠢᠨ ᠲᠤᠭᠤᠷᠢᠭ ᠥᠨᠢ ᠤᠳᠠᠭᠠᠨ ᠲᠡᠦᠬᠡ ᠲᠠᠢ᠂ ᠠᠯᠢ ᠡᠷᠲᠡ ᠰᠢᠶᠠ ᠱᠠᠩ | ᠤᠯᠤᠰ ᠤᠨ ᠦᠶ᠎ᠡ ᠳᠤ᠂ ᠨᠡᠡ ᠭᠠᠵᠠᠷ ᠪᠣᠯ ᠳᠠᠷᠤᠶ ᠤᠮᠠᠷᠠᠲᠤ ᠣᠷᠣᠨ ᠤ ᠦᠨᠳᠦᠰᠦᠲᠡᠨ ᠤ ᠦᠷᠡᠵᠢᠨ ᠬᠥᠭᠵᠢᠭᠰᠡᠨ | ᠭᠠᠵᠠᠷ ᠪᠣᠯᠤᠨ᠎ᠠ᠃ ᠴᠦᠨ ᠴᠢᠦ ᠶᠢᠨ ᠦᠶ᠎ᠡ ᠳᠤ ᠪᠠᠶ ᠵᠠᠶ ︵ᠳᠠᠷᠤᠶ ᠰᠢᠶᠠᠨ ᠶᠦᠨ ᠦᠨᠳᠦᠰᠦᠲᠡᠨ︶ ᠶᠢᠨ ᠮᠠᠯᠵᠢᠯ ᠤᠨ | ᠭᠠᠵᠠᠷ ᠪᠠᠶᠢᠵᠠᠶ᠃ ᠪᠠᠶᠢᠯᠳᠤᠭᠠᠨᠲᠤ ᠤᠯᠤᠰ ᠤᠨ ᠦᠶ᠎ᠡ ᠳᠤ ᠯᠢᠨ ᠬᠡᠤ ᠮᠠᠯᠵᠢᠯ ᠤᠨ ᠭᠠᠵᠠᠷ ᠪᠠᠶᠢᠪᠠ᠃ ᠴᠢᠨ ᠤᠯᠤᠰ | ᠵᠢᠷᠭᠤᠭᠠᠨ ᠤᠯᠤᠰ ᠢ ᠮᠥᠬᠦᠭᠡᠨ ᠵᠦᠩᠶᠤᠸᠠᠨ ᠣᠷᠣᠨ ᠢ ᠨᠢᠭᠡᠳᠬᠡᠭᠰᠡᠨ ᠤ ᠳᠠᠷᠠᠭ᠎ᠠ᠂ ᠳᠤᠮᠳᠠᠳᠤ ᠤᠯᠤᠰ ᠢ ᠭᠤᠴᠢᠨ | ᠵᠢᠷᠭᠤᠭᠠᠨ ᠵᠢᠶᠦ᠋ᠨ᠂ ᠬᠠᠶᠢᠷᠤᠪ ᠤᠨ ᠲᠣᠬᠤᠶ ᠲᠤᠭᠤᠷᠢᠭ ᠢ ᠪᠸᠢ ᠳ᠋ᠢ ᠵᠢᠶᠦ᠋ᠨ ᠳᠤ ᠬᠠᠷᠢᠶᠠᠯᠠᠭᠳᠠᠵᠠᠶ᠃ ᠲᠡᠭᠦᠨ ᠠᠴᠠ | ᠬᠤᠶᠢᠰᠢᠬᠢ ᠤᠷᠲᠤ ᠤᠳᠠᠭᠠᠨᠤᠨ ᠵᠢᠯ ᠤᠳ ᠲᠤ᠂ ᠬᠠᠶᠢᠷᠤᠪ ᠤᠨ ᠲᠣᠬᠤᠢ ᠶᠢᠨ ᠲᠤᠭᠤᠷᠢᠭ ᠲᠤ ᠤᠷᠢᠳ ᠬᠤᠵᠢᠳ | ᠮᠣᠩᠭᠤᠯ᠂ ᠬᠢᠲᠠᠳ᠂ ᠬᠤᠲᠣᠩ᠂ ᠮᠠᠨᠵᠤ ᠵᠡᠷᠭᠡ 20 ᠦᠨᠳᠦᠰᠦᠲᠡᠨ ᠤ ᠠᠵᠢᠯᠯᠠᠭᠠᠨ ᠤ ᠭᠠᠵᠠᠷ ᠪᠣᠯᠤᠭᠰᠠᠨ ᠪᠠᠶᠢᠨ᠎ᠠ | ᠮᠢᠩ ᠤᠯᠤᠰ ᠤᠨ ᠳᠤᠮᠳᠠᠴᠢ ᠦᠶ᠎ᠡ ᠠᠴᠠ ᠬᠤᠶᠢᠰᠢ ᠬᠠᠶᠢᠷᠤᠪ ᠤᠨ ᠲᠣᠬᠤᠢ ᠤᠷᠤᠨ ᠪᠣᠯ ᠣᠷᠳᠣᠰ ᠠᠶᠢᠮᠠᠭ ᠤᠨ | ᠨᠡᠭᠦᠳᠡᠯᠯᠡᠨ ᠮᠠᠯᠵᠢᠬᠤ ᠭᠠᠵᠠᠷ ᠪᠣᠯᠬᠤ ᠪᠥᠭᠡᠳ ᠳᠤᠮᠳᠠᠳᠤ ᠢᠷᠭᠡᠨ ᠤᠯᠤᠰ ᠤᠨ ᠦᠶ᠎ᠡ ᠬᠦᠷᠲᠡᠯ᠎ᠡ ᠦᠷᠭᠦᠯᠵᠢᠯᠡᠵᠡᠶ᠃ | | 1949 ᠣᠨ ᠳᠤ᠂ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ᠂ ᠬᠠᠶᠢᠷᠤᠪ ᠤᠨ | ᠲᠤᠬᠤᠢ ᠲᠤᠭᠤᠷᠢᠭ ᠨᠢ ᠤᠳᠤᠭ ᠬᠤᠩᠰᠢᠭᠤᠨ ᠳᠤ ᠬᠠᠷᠢᠶᠠᠯᠠᠭᠳᠠᠨ᠎ᠠ᠃ 1955 ᠣᠨ ᠳᠤ ᠣᠲᠤᠭ | ᠬᠤᠰᠢᠭᠤᠨ ᠠᠴᠠ ᠵᠠᠳᠠᠷᠠᠨ ᠭᠠᠷᠴᠤ ᠲᠤᠰᠠᠭᠠᠷ ᠲᠣᠭᠲᠠᠨᠢᠭᠰᠠᠨ ᠣᠷᠣᠨ ᠪᠣᠯᠪᠠ᠃ ᠤᠷᠢᠳ ᠬᠤᠵᠢᠳ ᠵᠦᠸᠧᠽᠢ | ᠱᠠᠨ ᠠᠭᠤᠷᠬᠠᠢ ᠶᠢᠨ ᠣᠷᠣᠨ᠂ ᠬᠠᠶᠢᠷᠤᠪ ᠤᠨ ᠲᠣᠬᠤᠢ ᠬᠤᠲᠠ ᠭᠡᠵᠦ ᠨᠡᠷᠡᠯᠡᠵᠦ᠂ ᠪᠦᠷ ᠶᠡᠭᠡ ᠵᠣᠣ ᠶᠢᠨ | ᠴᠢᠭᠤᠯᠭᠠᠨ ᠤ ᠬᠠᠷᠢᠶᠠᠨ ᠳᠤ ᠬᠠᠷᠢᠶᠠᠯᠠᠭᠳᠠᠨ᠎ᠠ᠃ 1976 ᠣᠨ ᠤ 1 ᠰᠠᠷ᠎ᠠ ᠳᠤ ᠦᠬᠠᠶ ᠬᠤᠲᠠ ᠪᠠᠶᠢᠭᠤᠯᠤᠭᠳᠠᠵᠤ᠂ | ᠬᠠᠶᠢᠷᠤᠪ ᠤᠨ ᠲᠣᠬᠤᠶ ᠲᠣᠭᠤᠷᠢᠭ ᠨᠢ ᠦᠬᠠᠶ ᠬᠤᠲᠠ ᠶᠢᠨ ᠬᠠᠷᠢᠶᠠᠲᠤ ᠲᠥᠪ ᠲᠣᠭᠤᠷᠢᠭ ᠪᠣᠯᠤᠨ᠎ᠠ᠃ | ︽ᠬᠠᠶᠢᠷᠤᠪ ᠤᠨ ᠪᠤᠯᠤᠩ︾ ᠤᠨ ᠨᠢᠭᠡ ᠨᠢ ᠮᠣᠩᠭᠤᠯ ᠲᠥᠪᠡᠳ ᠬᠡᠯᠡᠨ ᠤ ︽ᠬᠠᠶᠢᠯᠤᠪᠭᠠᠳᠠᠰᠤᠬᠠᠢ︾ ᠠᠴᠠ | ᠤᠯᠠᠷᠢᠨ ᠬᠤᠪᠢᠰᠴᠤ ᠢᠷᠡᠭᠰᠡᠨ ᠶᠤᠮ᠃ ︽ᠠᠷᠰᠯᠠᠨ ᠤ ᠪᠤᠯᠤᠩ︾ ᠭᠡᠰᠡᠨ ᠤᠳᠬ᠎ᠠ ᠲᠠᠢ᠃ ᠭᠠᠢᠬᠠᠮᠰᠢᠭᠲᠤ ᠨᠡᠷ᠎ᠡ ᠨᠢ | ᠨᠢᠭᠡᠨ ᠭᠠᠢᠬᠠᠮᠰᠢᠭᠲᠤ ᠳᠣᠮᠤᠭ ᠠᠴᠠ ᠢᠷᠡᠯᠲᠡ ᠲᠠᠢ᠃ ᠴᠢᠩᠭᠢᠰ ᠬᠠᠭᠠᠨ ᠤ ᠦᠶ᠎ᠡ ᠳᠤ ᠶᠣᠯᠳᠣᠷᠮᠠ ᠭᠡᠳᠡᠭ | ᠠᠯᠳᠠᠷᠲᠤ ᠲᠡᠮᠦᠷ ᠤᠨ ᠳᠠᠷᠬᠠᠨ ᠵᠦᠸᠧᠽᠢ ᠠᠭᠤᠯᠠᠨ ᠳᠤ ᠴᠢᠩᠭᠢᠰ ᠬᠠᠭᠠᠨ ᠤ ᠪᠠᠷᠠᠭᠤᠨᠰᠢ ᠳᠠᠶᠢᠯᠠᠬᠤ ᠨᠤᠮᠤ ᠰᠤᠮᠤ᠂ | ᠬᠤᠶᠠᠭ ᠳᠤᠭᠤᠯᠠᠭᠠᠬᠢᠵᠦ ᠪᠠᠶᠢᠵᠠᠶ᠃ ᠴᠢᠩᠭᠢᠰ ᠬᠠᠭᠠᠨ ᠢᠯᠠᠯᠲᠠ ᠣᠯᠤᠭᠰᠠᠨ ᠤ ᠳᠠᠷᠠᠭ᠎ᠠ ᠵᠦᠸᠧᠽᠢ ᠱᠠᠨ | ᠠᠭᠤᠯᠠ ᠶᠢᠨ ᠡᠨᠡ ᠬᠡᠰᠡᠭ ᠥᠩ ᠰᠢᠮᠡᠯᠢᠭ ᠭᠠᠵᠠᠷ ᠢ ᠲᠡᠮᠦᠷ ᠳᠠᠷᠬᠠᠨ ᠳᠤ ᠰᠣᠶᠣᠷᠬᠠᠭᠰᠠᠨ ᠪᠠᠶᠢᠨ᠎ᠠ᠃ ᠲᠡᠮᠦᠷ ᠤᠨ | ᠳᠠᠷᠬᠠᠨ ᠨᠢᠭᠡ ᠬᠦᠦ ᠲᠠᠢ᠂ ᠨᠡᠷ᠎ᠡ ᠨᠢ ᠬᠠᠶᠢᠷᠤᠪ᠂ ᠲᠥᠷᠥᠭᠰᠡᠨ ᠨᠢ ᠶᠠᠭ ᠠᠷᠰᠯᠠᠨ ᠰᠢᠭ ᠡᠷᠡᠯᠬᠡᠭ ᠪᠠᠭᠠᠲᠤᠷᠯᠢᠭ᠃ | ᠤᠳᠠᠭᠠᠨ ᠳᠠᠭᠠᠨ ᠮᠣᠩᠭᠤᠯ ᠮᠠᠯᠴᠢᠳ ᠲᠡᠭᠦᠨ ᠤ ᠨᠡᠷ᠎ᠡ ᠪᠠᠷ ᠡᠪᠡᠰᠦᠲᠦ ᠲᠠᠯ᠎ᠠ ᠶᠢ ᠳᠠᠭᠤᠳᠠᠳᠠᠭ ᠪᠣᠯᠬᠤᠷ ᠳᠠᠷᠤᠶ | ︽ᠬᠠᠶᠢᠷᠤᠪ ᠤᠨ ᠲᠤᠬᠤᠢ︾ ᠭᠡᠬᠦ ᠭᠠᠶᠢᠬᠠᠮᠰᠢᠭᠲᠤ ᠨᠡᠷ᠎ᠡ ᠲᠠᠢ ᠪᠣᠯᠵᠠᠶ᠃ |